ᠨᠡᠪᠲᠡᠷᠡᠨ ᠤᠷᠤᠬᠤ
ᠰᠠᠳᠤᠪ ᠭᠠᠷᠭᠠᠬᠤ ᠳᠤ ᠪᠣᠳᠠᠳᠠᠢ ᠲᠡᠶ ᠣᠶᠠᠯᠳᠤᠭᠤᠯᠪᠠᠯ ᠵᠤᠭᠢᠨ᠎ᠠ

ᠨᠢᠭᠡᠨ ᠡᠳᠦᠷ᠂ ᠪᠢ ᠨᠤᠮ ᠳᠡᠭᠡᠷ᠎ᠡ ᠡᠴᠡ ᠨᠢᠭᠡᠨ ᠳᠤᠭ᠎ᠠ ᠪᠣᠳᠤᠯᠭ᠎ᠠ ᠶᠢᠨ ᠰᠠᠳᠤᠪ ᠣᠯᠵᠤ ᠦᠵᠡᠯ᠎ᠠ ᠄

ᠨᠢᠭᠡᠨ ᠳᠠᠮᠢᠷᠴᠢᠨ 50 ᠮᠸᠲ᠋ᠷ ᠢ ᠭᠦᠶ‍ᠦᠭᠦ ᠳᠤ 6 ᠰᠸᠺᠦ᠋ᠡᠳ᠋ ᠭᠡᠷᠡᠭ᠍ᠰᠡᠨ᠎ᠡ᠃ ᠳᠡᠭᠡᠪᠠᠯ ᠡᠨᠡ ᠳᠠᠮᠢᠷᠴᠢᠨ 8000 ᠮᠸᠲ᠋ᠷ ᠭᠦᠶ‍ᠦᠭᠦ ᠳᠤ ᠭᠡᠳᠦᠢ ᠴᠠᠭ ᠵᠠᠷᠤᠴᠠᠭᠤᠯᠬᠤ ᠪᠣᠢ︖

ᠡᠨᠡ ᠰᠠᠳᠤᠪ ᠢ ᠪᠣᠳᠤᠬᠤ ᠳᠤ ᠳᠣᠢ᠌ᠯ ᠤᠨ ᠭᠢᠯᠪᠠᠷ᠄ 8000÷50×6 =960 (ᠰᠸᠺᠦ᠋ᠡᠳ᠋)᠃

ᠭᠡᠳᠡᠯ᠎ᠡ ᠡᠨᠡ ᠰᠠᠳᠤᠪ ᠤᠨ ᠴᠠᠭᠠᠨ᠎ᠠ ᠨᠢᠭᠡᠨ ᠠᠰᠠᠭᠤᠳᠠᠯ ᠣᠷᠤᠰᠢᠵᠤ ᠪᠠᠢ᠌ᠨ᠎ᠠ᠂ ᠪᠢᠳᠠ ᠭᠦᠶ‍ᠦᠭᠦ ᠳᠤ ᠶᠠᠷᠤ ᠳᠡᠭᠡᠨ ᠡᠭᠢᠯᠡᠮᠡᠭ᠍ᠴᠡ ᠵᠢᠭᠠᠬᠠᠨ ᠬᠤᠷᠳᠤᠨ ᠰᠢᠭ᠂ ᠭᠦᠶ‍ᠦᠭᠦ ᠵᠠᠭᠤᠷ᠎ᠠ ᠭᠦᠴᠤ ᠳᠠᠮᠢᠷ ᠤᠨ ᠪᠠᠷᠠᠭᠳᠠᠬᠤ ᠪᠠᠷ ᠣᠯᠠᠮ ᠡᠴᠡ ᠣᠳᠠᠭᠠᠰᠢᠷᠠᠳᠠᠭ᠃ ᠪᠣᠳᠠᠳᠠᠢ ᠳᠤ 8000 ᠮᠸᠲ᠋ᠷ ᠢ ᠪᠦᠷ 50 ᠮᠸᠲ᠋ᠷ ᠢ ᠭᠦᠶ‍ᠦᠭᠦ ᠬᠤᠷᠳᠤᠴᠠ ᠪᠠᠷ ᠭᠦᠶ‍ᠦᠭᠦ ᠭᠡᠳᠡᠭ᠌ ᠪᠠᠶᠡᠯᠡᠭ᠍ᠳᠡᠰᠢ ᠦᠭᠡᠶ ᠣᠴᠢᠷ᠃

ᠡᠢ᠌ᠮᠤ ᠰᠠᠳᠤᠪ ᠢ ᠭᠠᠷᠭᠠᠬᠤ ᠳᠠᠭᠠᠨ ᠭᠡᠷᠪᠡ ᠳᠡᠭᠡᠷᠡᠭᠢ ᠪᠣᠳᠤᠭᠰᠠᠨ ᠮᠠᠳᠤ ᠢᠯᠡᠷᠭᠡᠢ᠌ᠯᠡᠯ ᠢ ᠪᠠᠶᠡᠯᠡᠭ᠍ᠳᠡᠭᠦᠯᠭᠦ ᠭᠡᠪᠠᠯ᠂ ᠡᠷᠭᠡᠪᠰᠢ ᠪᠠᠰᠠ ᠨᠢᠭᠡᠨ ᠳᠤᠳᠠᠭᠳᠠᠵᠤ ᠪᠣᠯᠤᠰᠢ ᠦᠭᠡᠶ ᠨᠥᠭᠦᠴᠡᠯ ᠢ ᠳᠤᠰᠢᠶᠠᠬᠤ ᠭᠡᠷᠡᠭ᠍ᠳᠡᠢ᠄ 《ᠭᠡᠷᠪᠡ ᠡᠨᠡ ᠳᠠᠮᠢᠷᠴᠢᠨ ᠤ ᠭᠦᠶ‍ᠦᠭᠦ ᠬᠤᠷᠳᠤᠴᠠ ᠬᠤᠪᠢᠷᠠᠬᠤ ᠦᠭᠡᠶ ᠪᠠᠢ᠌ᠳᠠᠯ ᠳᠤᠤᠷ᠎ᠠ᠁》

ᠡᠢ᠌ᠮᠤ ᠡᠴᠡ ᠳᠤᠭ᠎ᠠ ᠪᠣᠳᠤᠯᠭ᠎ᠠ ᠶᠢᠨ ᠭᠡᠷᠡᠭᠯᠡᠯᠳᠡ ᠶᠢᠨ ᠰᠠᠳᠤᠪ ᠢ ᠪᠢᠳᠠ ᠡᠷᠭᠡᠪᠰᠢ ᠪᠣᠳᠠᠳᠠᠢ ᠲᠡᠶ ᠣᠶᠠᠯᠳᠤᠭᠤᠯᠬᠤ ᠭᠡᠷᠡᠭ᠍ᠳᠡᠢ᠃ ᠪᠢᠳᠠ ᠰᠤᠷᠤᠭᠴᠢᠳ ᠶᠢᠡᠷ ᠳᠤᠭ᠎ᠠ ᠪᠣᠳᠤᠭᠤᠯᠬᠤ ᠶᠢᠨ ᠯᠠ ᠳᠦᠯᠦᠭᠡ ᠪᠢᠰᠢ᠂ ᠪᠣᠳᠠᠳᠠᠢ ᠠᠮᠢᠳᠤᠷᠠᠯ ᠤᠨ ᠵᠢᠮ᠎ᠠ ᠶᠤᠰᠤ ᠶᠢ ᠳᠠᠨᠢᠭᠤᠯᠬᠤ ᠨᠢ ᠰᠠ‍‌ᠶᠢ ᠮᠠᠨ ᠤ ᠵᠤᠷᠢᠯᠭ᠎ᠠ ᠮᠦᠨ᠃ ᠪᠣᠳᠠᠳᠠᠢ ᠠᠮᠢᠳᠤᠷᠠᠯ ᠤᠨ ᠵᠢᠮ᠎ᠠ ᠶᠤᠰᠤ ᠡᠴᠡ ᠳᠠᠷᠰᠯᠠᠪᠠᠯ ᠡᠢ᠌ᠮᠦᠷᠭᠦ ᠰᠤᠷᠤᠯᠴᠠᠯᠭ᠎ᠠ ᠨᠢ ᠣᠤᠠᠬ᠎ᠠ ᠠᠭᠤᠯᠭ᠎ᠠ ᠪᠠᠨ ᠠᠯᠳᠠᠬᠤ ᠪᠣᠯᠤᠨ᠎ᠠ᠃

ᠵᠤᠬᠢᠶᠠᠭᠴᠢ᠄ ᠳᠤᠰ ᠰᠦᠯᠵᠢᠶ᠎ᠠ
ᠢᠷᠡᠯᠲᠡ᠄ ᠳᠤᠰ ᠰᠦᠯᠵᠢᠶ᠎ᠠ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3892
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ