☆ ᠰ·ᠤᠯᠠᠭᠠᠨᠪᠠᠲᠤ
ᠪᠣᠳᠤᠯ ᠤᠨ ᠠᠯᠠᠭ᠎ᠠ
Ⅰ
ᠨᠠᠷᠠᠨ ᠤ ᠬᠠᠯᠠᠭᠤᠨ ᠣᠷᠤᠭᠤᠯ ᠵᠢᠠᠷ
ᠵᠤᠯᠠᠢ ᠪᠠᠨ ᠭᠤᠷᠪᠠ ᠥᠨᠦᠰᠦᠭᠦᠯᠵᠤ
ᠪᠣᠴᠠᠬᠤ ᠰᠢᠪᠠᠭᠤᠳ ᠤᠨ ᠨᠤᠷᠭᠢᠶᠠ ᠴᠢᠩᠨᠠᠨ
ᠰᠠᠯᠬᠤ ᠶᠢᠨ ᠳᠠᠷᠠ ᠥᠷᠳᠡᠭᠡᠨ ᠳ᠋ᠤ
ᠰᠠᠷ᠎ᠠ ᠭᠤᠠᠳᠠᠳᠠᠯᠠ ᠣᠢ᠌ᠮᠠᠵᠤ ᠪᠢᠯᠠ ᠪᠢᠳᠠ᠃
ᠭᠤᠯᠳᠤᠷᠢᠯ ᠡᠴᠡ ᠪᠠᠨ ᠬᠠᠯᠢᠭᠠ ᠥᠭᠡᠢ
ᠭᠤᠤᠯ ᠤᠨ ᠣᠯᠠᠨ ᠳᠤᠮᠤᠭ
ᠭᠤᠮᠤᠳᠠᠯ ᠬᠠᠢ᠌ᠯᠭᠠᠨ
ᠴᠤᠭᠭᠢᠬᠤ ᠨᠠᠷᠠ
ᠴᠤᠬᠣᠢ᠌ᠵᠤ ᠳᠡᠢ᠌ᠯᠦᠭᠡ ᠦᠭᠡᠶ
ᠣᠢ᠌ᠤᠠᠬᠠᠷ ᠲᠠᠭᠠᠨ ᠬᠠᠬᠠᠵᠤ
ᠴᠤᠪᠣᠵᠤ ᠢᠷᠡᠭ᠍ᠰᠡᠨ ᠳᠠᠷᠠ ᠥᠷᠳᠡᠭᠡᠨ ᠡᠴᠡ ᠪᠠᠨ
ᠴᠤᠪᠣᠭ᠎ᠠ ᠴᠡᠭ᠌ ᠰᠢᠭ᠌ ᠣᠷᠤᠰᠴᠤ ᠪᠢᠯᠠ ᠡ᠃
Ⅱ
ᠠᠮᠢᠳᠤᠷᠠᠯ ᠤᠨ ᠳᠠᠢ᠌ᠯᠤᠮᠵᠢ
ᠠᠢ ᠳ᠋ᠠ᠂ ᠮᠢᠨᠤ ᠭᠤᠷᠪᠠᠨ ᠵᠢᠯ
ᠳᠠᠭᠠᠭᠠᠵᠤ ᠶᠠᠳᠠᠭᠰᠠᠨ ᠭᠤᠨᠢᠭ ᠳᠠᠷᠠᠯᠠᠨ
ᠳᠠᠯᠤ ᠪᠠᠨ ᠴᠠᠴᠠᠷᠠᠳᠠᠯᠠ ᠮᠡᠭ᠍ᠰᠢᠭᠦᠯᠭᠦ ᠳᠤ
ᠥᠷᠦᠪᠴᠢᠭᠡᠨ ᠰᠠᠤᠠᠭᠢᠯ ᠊ᠤᠨ
ᠦᠨ᠎ᠡ ᠰᠠᠨᠠᠵᠤ
ᠭᠡᠨ ᠨᠢᠭᠡᠨ ᠳᠡᠭᠡᠨ ᠭᠡᠯᠡᠮᠡᠷ ᠥᠭᠡ ᠪᠠᠨ
ᠰᠤᠷᠮᠤᠤᠰᠤ ᠪᠠᠷ ᠵᠢᠠᠨ
ᠵᠥᠳᠡᠭᠦᠭᠡᠨ ᠬᠠᠰᠢᠯᠠ ᠪᠢ᠃
Ⅲ
ᠪᠣᠷᠤᠭᠠᠨ ᠳᠤ ᠨᠤᠷᠤᠭᠰᠠᠨ ᠳᠡᠭ᠍ᠳᠡᠭᠡᠭᠡᠢ
ᠪᠣᠳᠤᠯ ᠳᠠᠭᠠᠨ ᠱᠠᠯᠠᠪ ᠵᠤᠳᠤᠭᠤᠯᠵᠤ
ᠣᠰᠤᠯᠳᠠᠵᠤ ᠶᠠᠪᠣᠭ᠎ᠠ ᠥᠭᠡᠢ
ᠣᠯᠠᠨ ᠰᠢᠷ᠎ᠠ ᠪᠦᠷᠦᠢ
ᠭᠤᠨᠢᠭ ᠪᠠᠶᠠᠷ ᠲᠡᠶ ᠪᠠᠨ ᠭᠦᠶᠦᠯᠳᠤᠨ
ᠳᠠᠨᠢᠯ ᠨᠠᠰᠤᠨ ᠤ ᠰᠤᠷ ᠳᠤ
ᠢᠠᠵᠠᠭᠠᠨ ᠵᠦᠰᠠ
ᠥᠤᠷᠰᠠᠯᠠ ᠁
ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3022
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ