☆ ᠵᠤᠷᠢᠭᠳᠤ
ᠥᠨᠦᠴᠢᠨ ᠰᠠᠤᠠᠭᠢᠯ
ᠳᠤᠶᠠᠭ᠎ᠠ ᠦᠬᠢᠨ ᠬᠤᠨᠢ ᠬᠤᠷᠠᠭ᠎ᠠ ᠪᠠᠨ ᠬᠠᠷᠢᠭᠤᠯᠵᠤ ᠰᠠᠭᠤᠬᠤ ᠳᠤ ᠳᠡᠯᠡᠭᠡᠢ ᠭᠡᠴᠢᠨᠡᠨ ᠴᠤ ᠠᠭᠤᠵᠢᠮ ᠰᠠᠨᠠᠭᠳᠠᠬᠤ ᠠᠵᠠᠢ᠃ ᠳᠡᠭᠦᠨ ᠳᠤ ᠠᠪᠴᠤ ᠭᠡᠯᠡᠪᠠᠯ ᠬᠤᠨᠢ ᠬᠠᠷᠢᠭᠤᠯᠬᠤ ᠨᠢ ᠨᠢᠭᠡ ᠵᠣᠢ᠌ᠯ ᠤᠨ ᠳᠣᠢ᠌ᠯ ᠤᠨ ᠪᠠᠶᠠᠷ ᠵᠢᠷᠭᠠᠯᠳᠠᠢ ᠣᠴᠢᠷ ᠪᠣᠯᠤᠨ᠎ᠠ᠃ ᠳᠤᠶᠠᠭ᠎ᠠ ᠬᠤᠷᠠᠭ᠎ᠠ ᠲᠡᠶ ᠪᠠᠨ ᠳᠤᠭᠯᠠᠵᠤ ᠨᠠᠭᠠᠤᠠᠬᠤ ᠳᠤ ᠳᠡᠭᠦᠨ ᠳᠤ ᠥᠩᠭᠡᠷᠡᠭ᠍ᠰᠡᠨ ᠨᠢ ᠪᠣᠳᠤᠭᠳᠠᠨ᠎ᠠ᠁
ᠵᠥᠯᠭᠡᠳᠤ ᠰᠠᠢ᠌ᠬᠠᠨ ᠡᠪᠠᠰᠤᠨ ᠳᠡᠭᠡᠷ᠎ᠡ ᠪᠢᠴᠢᠬᠠᠨ ᠭᠡᠦᠭᠡᠨ ᠳᠤᠶᠠᠭ᠎ᠠ ᠠᠬ᠎ᠠ ᠪᠠᠨ ᠲᠠᠭᠠᠨ ᠪᠦᠮᠪᠦᠭᠡ ᠳᠤᠭᠯᠠᠨ ᠨᠠᠭᠠᠳᠤᠨ᠎ᠠ᠃ ᠳᠡᠭᠡᠭᠦ ᠳᠤ ᠳᠤᠶᠠᠭ᠎ᠠ ᠶᠢ ᠨᠢᠳᠤᠨ ᠤ ᠴᠡᠴᠡᠭᠡᠢ ᠪᠠᠨ ᠰᠢᠭ᠌ ᠬᠠᠢ᠌ᠷᠠᠯᠠᠵᠤ ᠶᠠᠪᠣᠳᠠᠭ ᠠᠬ᠎ᠠ ᠨᠢ ᠦᠬᠢᠨ ᠳᠡᠭᠦᠤ ᠳᠤ ᠪᠠᠨ ᠨᠠᠢ᠌ᠷ ᠳᠠᠯᠪᠢᠵᠤ ᠪᠦᠮᠪᠦᠭᠡ ᠥᠭ᠍ᠴᠤ ᠪᠠᠢ᠌ᠯ᠎ᠠ᠃ ᠳᠠᠮᠠᠢ ᠣᠳᠠᠭᠰᠠᠨ ᠦᠭᠡᠶ ᠡᠵᠢ ᠨᠢ ᠳᠠᠳᠠᠨ ᠢ ᠳᠠᠭᠤᠳᠠᠨ ᠰᠢᠭᠢᠷ᠂ ᠪᠣᠭᠤᠷᠰᠤᠭ ᠦᠭᠭᠦ ᠳᠤ ᠳᠤᠶᠠᠭ᠎ᠠ ᠣᠷᠢᠳᠠᠪᠠᠷ ᠠᠷᠪᠢᠨ ᠢ ᠨᠢ ᠢᠳᠠᠨ᠎ᠠ᠁
ᠭᠡᠨᠡᠳᠲᠡ 《ᠳᠤᠶᠠᠭ᠎ᠠ ᠡ︕》 ᠭᠡᠵᠤ ᠳᠠᠭᠤᠳᠠᠬᠤ ᠳᠠᠭᠤᠨ ᠳᠤᠭᠤᠯᠳᠠᠬᠤ ᠳᠤ ᠰᠠᠢ᠌ᠬᠠᠨ ᠪᠣᠳᠤᠯ ᠳᠤ ᠪᠠᠨ ᠰᠤᠭᠳᠤᠭᠤᠷᠠᠨ ᠪᠠᠢ᠌ᠭᠰᠠᠨ ᠳᠠᠷᠠ ᠰᠤᠴᠢᠰᠭᠢᠨ ᠭᠦᠶᠤᠨ ᠪᠣᠰᠴᠤ ᠦᠵᠡᠪᠠᠯ ᠳᠡᠭᠦᠨ ᠢ ᠣᠯᠠᠨ ᠤ ᠴᠡᠴᠡᠭ᠌᠂ ᠨᠢᠳᠤᠨ ᠤ ᠬᠤᠭ ᠶᠢᠡᠨ ᠰᠢᠭ 《ᠬᠠᠢ᠌ᠷᠠᠯᠠᠳᠠᠭ》 ᠬᠣᠢ᠌ᠳᠤ ᠡᠵᠢ ᠨᠢ ᠪᠠᠢ᠌ᠯ᠎ᠠ᠃ ᠪᠢᠴᠢᠬᠠᠨ ᠳᠤᠶᠠᠭ᠎ᠠ ᠳᠤᠩ ᠰᠠᠠᠳᠤᠷᠤᠨ ᠬᠤᠨᠢ ᠪᠠᠨ ᠡᠷᠭᠢᠭᠦᠯᠤᠨ ᠪᠣᠰᠢᠭᠤ ᠭᠦᠷᠴᠤ ᠣᠴᠢᠬᠤ ᠳᠤ : 《ᠪᠢ ᠴᠢᠮ᠎ᠠ ᠳᠤ 〈ᠴᠠᠭ ᠡᠴᠡ ᠪᠠᠨ ᠪᠣᠤ ᠬᠤᠴᠤᠷ︕〉 ᠭᠡᠵᠤ ᠵᠠᠭᠢᠭᠰᠠᠨ ᠪᠢᠰᠢᠤ︖》 ᠭᠡᠭᠦ ᠰᠢᠷᠦᠭᠦᠨ ᠴᠢᠩᠭ᠋᠎ᠠ ᠳᠠᠭᠤᠨ ᠣᠭᠳᠤᠵᠠᠢ᠃ ᠳᠤᠶᠠᠭ᠎ᠠ ᠦᠬᠢᠨ : 《ᠠᠭᠤᠴᠢᠯᠠᠭᠠᠷᠠᠢ︕ ᠪᠢ ᠡᠵᠢ ᠪᠠᠨ ᠰᠠᠨᠠᠭᠠᠤᠨ》 ᠭᠡᠭᠦ ᠳᠤ ᠥᠭᠡ ᠶᠢ ᠨᠢ ᠬᠠᠰᠢᠨ ᠵᠤᠭᠰᠤᠭᠠᠵᠤ : 《ᠡᠵᠢ ᠪᠠᠨ ᠭᠡᠨ᠎ᠡ︖ ᠪᠢ ᠳᠡᠭᠡᠭᠡᠤᠨ ᠡᠵᠢ ᠴᠢᠨᠢ ᠪᠢᠰᠢ ᠶᠤᠮ ᠦᠦ︖ ᠳᠠᠭᠢᠭᠠᠤᠨ ᠭᠡᠯᠡᠪᠠᠯ ᠴᠢᠮ᠎ᠠ ᠶᠢ ᠬᠠᠶᠠᠭᠠᠤᠨ ᠶᠠᠪᠣᠴᠢᠬᠠᠭᠰᠠᠨ ᠳᠠᠢ᠌ᠮᠤ ᠡᠵᠢ ᠶᠢ ᠰᠠᠨᠠᠭᠠᠤᠨ ᠶᠠᠮᠠᠷ ᠭᠡᠷᠡᠭ᠌ ᠲᠡᠶ ᠶᠤᠮ︕》 ᠭᠡᠤᠨ ᠴᠠᠭᠠᠰᠢ ᠪᠠᠨ ᠬᠤᠨᠢ ᠪᠠᠨ ᠭᠦᠭᠡᠭᠡᠭᠡᠤᠨ ᠶᠠᠪᠣᠴᠢᠬᠠᠯ᠎ᠠ᠃ ᠳᠤᠶᠠᠭ᠎ᠠ ᠶᠢᠨ ᠨᠢᠳᠤᠨ ᠳᠤ ᠭᠤᠮᠤᠳᠠᠯ ᠤᠨ ᠨᠢᠯᠪᠣᠰᠤ ᠳᠦᠭᠦᠷᠡᠭ᠍ᠰᠡᠨ ᠴᠤ ᠠᠷᠭ᠎ᠠ ᠦᠭᠡᠶ ᠨᠢᠯᠪᠣᠰᠤ ᠪᠠᠨ ᠳᠤᠳᠤᠭᠰᠢ ᠪᠠᠨ ᠵᠠᠯᠭᠢᠯ᠎ᠠ᠃ ᠳᠤᠶᠠᠭ᠎ᠠ ᠬᠤᠨᠢ ᠮᠠᠯ ᠶᠢᠡᠨ ᠬᠠᠰᠢᠵᠤ ᠬᠤᠷᠢᠭᠰᠠᠨ ᠤ ᠳᠠᠷᠠᠭ᠎ᠠ᠂ ᠬᠤᠷᠠᠭ᠎ᠠ ᠪᠠᠨ ᠣᠭᠵᠢᠵᠤ ᠪᠠᠢ᠌ᠳᠠᠯ᠎ᠠ ᠭᠡᠷ ᠡᠴᠡ ᠨᠢ ᠳᠤᠩ ᠰᠠᠢ᠌ᠬᠠᠨ ᠦᠨᠦᠷ ᠭᠠᠷᠤᠨ᠎ᠠ᠃ ᠭᠡᠪᠠᠴᠤ ᠳᠤᠶᠠᠭ᠎ᠠ ᠭᠡᠷ ᠵᠥᠭ᠌ ᠶᠢᠡᠨ ᠭᠦᠶᠦᠭ᠍ᠰᠡᠨ ᠦᠭᠡᠶ᠂ ᠣᠴᠢᠷ ᠨᠢ ᠳᠠᠷᠠ ᠬᠤᠷᠠᠭ᠎ᠠ ᠪᠠᠨ ᠣᠭᠵᠢᠬᠤ ᠭᠡᠷᠡᠭ᠍ᠳᠡᠢ᠃ ᠳᠠᠭᠢᠭᠠᠤᠨ ᠭᠡᠯᠡᠪᠠᠯ ᠳᠠᠷᠠ ᠡᠨᠡ ᠭᠦ ᠠᠮᠳᠠᠳᠤ ᠢᠳᠡᠭᠡᠨ ᠢ ᠢᠳᠡᠭᠦ ᠬᠤᠪᠢ ᠦᠭᠡᠶ ᠶᠤᠮ ᠴᠢᠨᠢ᠃
ᠳᠤᠶᠠᠭ᠎ᠠ ᠭᠡᠷ ᠲᠤ ᠪᠠᠨ ᠣᠷᠤᠬᠤ ᠦᠶ᠎ᠡ ᠳᠤ ᠬᠣᠢ᠌ᠳᠤ ᠡᠵᠢ ᠶᠢᠨ ᠭᠢᠨᠢ ᠬᠠᠢ᠌ᠷᠠᠳᠠᠢ ᠦᠬᠢᠨ ᠨᠢ ᠶᠠᠭ ᠰᠠᠢ᠌ᠬᠠᠨ ᠬᠤᠭᠤᠯᠠ ᠪᠣᠳᠠᠭ᠎ᠠ ᠪᠠᠨ ᠢᠳᠠᠵᠤ ᠪᠠᠢ᠌ᠯ᠎ᠠ᠃ ᠳᠤᠶᠠᠭ᠎ᠠ ᠦᠬᠢᠨ ᠳᠤᠷᠠᠮᠵᠢᠬᠠᠨ ᠶᠢᠡᠷ ᠠᠶᠠᠭ᠎ᠠ ᠪᠠᠨ ᠠᠪᠴᠤ ᠦᠪᠡᠷ ᠤᠨ ᠪᠣᠳᠠᠭ᠎ᠠ ᠪᠠᠨ ᠭᠢᠵᠤ ᠠᠪᠣᠭᠠᠤᠨ ᠢᠳᠠᠯ᠎ᠠ᠃ ᠳᠡᠭᠦᠨ ᠤ ᠪᠣᠳᠠᠭ᠎ᠠ ᠨᠢ ᠱᠦᠯᠦ ᠣᠰᠤ ᠨᠢ ᠢᠯᠭᠠᠷᠠᠭᠰᠠᠨ ᠰᠢᠩᠭᠡᠨ ᠪᠣᠳᠠᠭ᠎ᠠ ᠪᠣᠯᠤᠨ᠎ᠠ᠃ ᠭᠡᠭᠦ ᠳᠤ ᠳᠡᠭᠦᠨ ᠤ ᠦᠬᠢᠨ ᠳᠡᠭᠦᠤ 〈ᠬᠣᠢ᠌ᠳᠤ ᠡᠵᠢ ᠶᠢᠨ ᠭᠢᠨᠢ ᠦᠬᠢᠨ〉 ᠤ ᠭᠢᠨᠢ ᠢᠳᠠᠵᠤ ᠪᠠᠢ᠌ᠭ᠎ᠠ ᠪᠣᠯ ᠭᠤᠭᠤᠳ ᠤᠨ ᠵᠠᠭᠤᠰᠢ ᠲᠡᠶ ᠪᠣᠳᠠᠭ᠎ᠠ ᠪᠣᠯᠤᠨ᠎ᠠ᠃ ᠳᠤᠶᠠᠭ᠎ᠠ ᠶᠢᠨ ᠨᠢᠯᠪᠣᠰᠤ ᠪᠦᠮᠪᠦᠷᠢᠭᠦ ᠠᠯᠳᠠᠨ᠎ᠠ᠃ ᠳᠡᠭᠡᠳᠡᠯ᠎ᠡ ᠭᠠᠳᠠᠨ᠎ᠠ ᠡᠴᠡ ᠠᠪᠣ ᠨᠢ ᠣᠷᠤᠵᠤ ᠢᠷᠠᠯ᠎ᠠ᠃ ᠳᠤᠶᠠᠭ᠎ᠠ ᠶᠢᠨ ᠠᠪᠣ ᠨᠢ ᠭᠠᠴᠠᠭ᠎ᠠ ᠶᠢᠨ ᠱᠦᠵᠢ ᠶᠤᠮ᠃ ᠳᠠᠢ᠌ᠮᠤ ᠡᠴᠡ ᠭᠡᠷ ᠲᠤ ᠪᠠᠨ ᠬᠠᠷᠢᠳᠠᠭ ᠨᠢ ᠳᠤᠩ ᠴᠥᠭᠡᠨ᠃ ᠳᠤᠶᠠᠭ᠎ᠠ ᠠᠪᠣ ᠪᠠᠨ ᠥᠵᠡᠭᠡᠤᠨ ᠪᠠᠶᠠᠷᠯᠠᠬᠤ ᠳᠤ ᠬᠣᠢ᠌ᠳᠤ ᠡᠵᠢ ᠨᠢ ᠬᠠᠷᠢᠨ ᠳᠤᠤᠷ᠎ᠠ ᠨᠢ : 《ᠳᠤᠶᠠᠭ᠎ᠠ︕ ᠳᠦᠷᠭᠡᠯᠡ ᠠᠶᠠᠭ᠎ᠠ ᠲᠡᠶ ᠪᠠᠨ ᠮᠤᠤᠷ ᠲᠤ ᠢᠳᠡᠭᠦᠯᠦᠨ᠎ᠡ ᠭᠡᠰᠡᠨ ᠪᠢᠰᠢᠤ︖ ᠬᠤᠶᠠᠷ ᠠᠶᠠᠭ᠎ᠠ ᠠᠪᠣᠭᠠᠤᠨ ᠢᠷ᠎ᠠ︕》 ᠭᠡᠯᠡ᠃ ᠢᠩᠭᠢᠭᠦ ᠳᠤ ᠳᠤᠶᠠᠭ᠎ᠠ ᠦᠪᠡᠷ ᠤᠨ ᠪᠠᠶ᠎ᠠ ᠨᠢ ᠮᠤᠤᠷ ᠨᠤᠬᠠᠢ ᠲᠡᠶ ᠠᠳᠠᠯᠢ ᠠᠮᠢᠳᠤᠷᠠᠵᠤ ᠪᠠᠢ᠌ᠨ᠎ᠠ ᠭᠡᠵᠤ ᠪᠣᠳᠤᠭᠰᠠᠨ ᠴᠤ ᠶᠠᠭᠠᠭᠢᠬᠤ ᠪᠣᠢ᠂ ᠠᠷᠭ᠎ᠠ ᠦᠭᠡᠶ ᠬᠤᠶᠠᠷ ᠠᠶᠠᠭ᠎ᠠ ᠠᠪᠴᠢᠷᠠᠵᠤ ᠨᠢᠭᠡ ᠶᠢ ᠨᠢ ᠠᠪᠣ ᠳᠤ ᠪᠠᠨ ᠥᠭ᠍ᠴᠤ᠂ ᠨᠥᠭᠦᠭᠡ ᠶᠢ ᠨᠢ ᠦᠪᠡᠷ ᠶᠢᠡᠨ ᠠᠪᠴᠤ ᠦᠬᠢᠨ ᠳᠡᠭᠦᠤ ᠶᠢᠨ ᠶᠢᠡᠨ ᠪᠣᠳᠠᠭ᠎ᠠ ᠡᠴᠡ ᠠᠶᠠᠭᠠᠯᠠᠨ ᠠᠮᠳᠠᠷᠬᠠᠨ ᠢᠳᠠᠯ᠎ᠠ᠃
ᠣᠷᠤᠢ ᠪᠣᠯᠬᠤ ᠳᠤ ᠪᠢᠴᠢᠬᠠᠨ ᠳᠤᠶᠠᠭ᠎ᠠ ᠣᠯᠠᠨ ᠶᠠᠭᠤᠮ᠎ᠠ ᠪᠣᠳᠤᠨ᠎ᠠ᠁
《ᠪᠢ ᠦᠨᠦ ᠰᠢᠭᠤᠳ ᠣᠷᠤᠭᠠᠤᠨ ᠠᠪᠣ ᠳᠤ ᠪᠠᠨ ᠪᠦᠭᠦ ᠣᠴᠢᠷ ᠢ ᠭᠡᠯᠴᠢᠭᠡᠶᠡ ᠭᠡᠭᠦ ᠳᠤ ᠠᠪᠣ ᠶᠢᠨ ᠠᠵᠢᠯ ᠶᠠᠭᠠᠷᠠᠤ᠂ ᠡᠨᠡ ᠳᠠᠷᠠ ᠶᠠᠪᠣᠳᠠᠯ ᠳᠤ ᠵᠤᠪᠠᠭᠠᠵᠤ ᠪᠣᠯᠬᠤ ᠦᠭᠡᠶ᠂ ᠭᠡᠷᠪᠡ ᠭᠡᠯᠡᠭᠦ ᠦᠭᠡᠶ ᠪᠣᠯ᠁》
ᠦᠷ ᠴᠠᠢ᠌ᠬᠤ ᠳᠤ ᠳᠤᠶᠠᠭ᠎ᠠ ᠳᠦᠷᠭᠡᠯᠡᠨ ᠪᠣᠰᠴᠤ ᠬᠤᠪᠴᠠᠰᠤ ᠬᠤᠨᠠᠷ ᠶᠢᠡᠨ ᠡᠮᠦᠰᠦᠭᠡᠤᠨ ᠪᠠᠷᠠᠭᠤᠨ ᠭᠡᠷ ᠲᠤ ᠪᠠᠨ ᠣᠷᠤᠵᠤ ᠦᠵᠡᠪᠠᠯ ᠳᠡᠭᠦᠨ ᠢ ᠦᠵᠡᠨ ᠶᠠᠳᠠᠳᠠᠭ ᠬᠣᠢ᠌ᠳᠤ ᠡᠭᠡ ᠪᠣᠯᠤᠨ ᠶᠠᠭᠤᠮ᠎ᠠ ᠪᠣᠯᠭᠠᠨ ᠳᠤ ᠳᠤᠷ᠎ᠠ ᠪᠠᠷ ᠶᠢᠡᠨ ᠪᠠᠢ᠌ᠳᠠᠭ ᠦᠬᠢᠨ ᠳᠡᠭᠦᠤ ᠬᠤᠶᠠᠷᠬᠠᠨ ᠯᠠ ᠣᠠᠳᠠᠵᠤ ᠪᠠᠢ᠌ᠯ᠎ᠠ᠃ ᠴᠤᠩᠬᠤ ᠪᠠᠷ ᠳᠤᠰᠬᠤ ᠨᠠᠷᠠᠨ ᠤ ᠭᠡᠷᠡᠯ ᠳᠤ ᠰᠢᠷᠡᠭᠡᠨ ᠳᠡᠭᠡᠷ᠎ᠡ ᠨᠢᠭᠡ ᠶᠠᠭᠤᠮ᠎ᠠ ᠬᠠᠷᠠᠭᠳᠠᠨ᠎ᠠ᠃ ᠳᠤᠶᠠᠭ᠎ᠠ ᠳᠦᠷᠭᠡᠨ ᠣᠴᠢᠵᠤ ᠦᠵᠡᠪᠠᠯ ᠠᠪᠣ ᠶᠢᠨ ᠭᠢᠨᠢ ᠥᠯᠡᠳᠡᠭᠡᠭ᠍ᠰᠡᠨ ᠵᠠᠭᠢᠶᠠᠰᠤ ᠪᠠᠢ᠌ᠯ᠎ᠠ᠃ 《ᠦᠭᠢᠨ ᠮᠢᠨᠢ︕ ᠳᠤᠶᠠᠭ᠎ᠠ᠂ ᠠᠪᠣ ᠨᠢ ᠡᠨᠡ ᠣᠳᠠᠭ᠎ᠠ ᠳᠠᠮᠠᠢ ᠭᠡᠳᠤᠨ ᠥᠭᠡ ᠶᠠᠷᠢᠵᠤ ᠵᠠᠪᠳᠤᠭᠰᠠᠨ ᠦᠭᠡᠶ ᠭᠠᠳᠠᠭᠰᠢ ᠭᠠᠷᠬᠤ ᠪᠣᠯᠴᠢᠬᠠᠯ᠎ᠠ᠃ ᠨᠢᠭᠡ ᠰᠠᠷ᠎ᠠ ᠪᠣᠯᠬᠤ ᠮᠠᠭᠠᠤᠨ᠂ ᠳᠠᠢ᠌ᠮᠤ ᠡᠴᠡ ᠦᠬᠢᠨ ᠮᠢᠨᠢ︕ ᠪᠢᠴᠢᠭ᠌ ᠡᠷᠳᠡᠮ ᠶᠢᠡᠨ ᠰᠠᠢ᠌ᠨ ᠰᠤᠷᠴᠤ ᠶᠠᠪᠣ︕ ᠪᠠᠰᠠ ᠡᠵᠢ ᠪᠣᠯᠤᠨ ᠦᠬᠢᠨ ᠳᠡᠭᠦᠤ ᠪᠠᠨ᠁》 ᠳᠤᠶᠠᠭ᠎ᠠ ᠦᠵᠡᠵᠤ ᠳᠡᠢ᠌ᠯᠭᠦ ᠦᠭᠡᠶ ᠪᠣᠯᠵᠠᠢ᠃ ᠥᠵᠡᠭᠡᠤᠨ ᠴᠤ ᠪᠠᠶᠡᠯᠡᠭᠦᠯᠵᠤ ᠳᠡᠢ᠌ᠯᠭᠦ ᠦᠭᠡᠶ᠃ ᠣᠴᠢᠷ ᠨᠢ ᠳᠠᠷᠠ ᠨᠢᠭᠡᠨᠲᠡ ᠰᠤᠷᠭᠠᠭᠤᠯᠢ ᠡᠴᠡ ᠭᠠᠷᠤᠭᠠᠤᠨ ᠰᠠᠷ᠎ᠠ ᠭᠠᠷᠤᠢ ᠪᠣᠯᠴᠢᠬᠠᠭᠰᠠᠨ᠁
ᠲ᠋ᠤᠶᠠᠭᠠ ᠭᠦᠶᠤᠨ ᠭᠠᠷᠤᠯ᠎ᠠ᠂ ᠭᠡᠰᠡᠨ ᠴᠤ ᠨᠢᠭᠡᠨᠲᠡ ᠬᠤᠴᠤᠷᠴᠢᠬᠠᠵᠠᠢ᠃ ᠬᠤᠷᠳᠤᠯᠠᠨ ᠳᠠᠪᠭᠢᠬᠤ ᠮᠠᠰᠢᠨ ᠳᠡᠷᠭᠡᠨ ᠤ ᠪᠠᠷ᠎ᠠ ᠨᠢ ᠴᠤ ᠥᠵᠡᠭ᠍ᠳᠡᠭᠦ ᠦᠭᠡᠶ ᠪᠣᠯᠵᠠᠢ᠃
ᠵᠡᠭᠦᠨ ᠡᠮᠦᠨ᠎ᠡ ᠡᠴᠡ ᠮᠠᠠᠳᠤᠨ ᠭᠠᠷᠬᠤ ᠨᠠᠷᠠᠨ ᠳᠤᠩ ᠣᠢ᠌ᠤᠠᠬᠠᠷᠠᠯᠠᠩᠭ᠋ᠤᠢ ᠴᠢᠷᠠᠢ᠌ᠯᠠᠨ᠎ᠠ᠃ ᠳᠤᠶᠠᠭ᠎ᠠ ᠵᠠᠰᠠᠮᠠᠯ ᠵᠠᠮ ᠢ ᠰᠢᠷᠳᠠᠨ ᠰᠢᠷᠳᠠᠨ ᠨᠢᠯᠪᠣᠰᠤ ᠪᠦᠮᠪᠦᠷᠢᠭᠦᠯᠦᠭ᠍ᠰᠡᠭᠡᠡᠷ᠁
ᠵᠢᠯᠤᠭᠤᠳᠤᠭᠰᠠᠨ ᠪᠠᠭᠰᠢ : ᠥᠷᠡᠴᠡᠴᠡᠭ᠌
ᠵᠤᠬᠢᠶᠠᠭᠴᠢ᠄ ᠵᠤᠷᠢᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3647
ᠴᠠᠭ᠄ 2008 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ