☆ ᠬᠠᠷᠠᠨᠤᠳ ᠳᠦᠷᠤ ᠵᠠᠶᠠᠭ᠎ᠠ
ᠵᠦᠩ ᠪᠢᠯᠢᠭ᠌ ᠤᠨ ᠣᠯᠠᠷᠢᠯ
ᠬᠠᠷᠠᠩᠭ᠋ᠤᠢ ᠦᠷᠦᠭᠡᠨ ᠤ ᠬᠠᠨ᠎ᠠ ᠲᠦᠰᠢᠵᠤ
ᠬᠠᠷᠠᠴᠠ ᠪᠠᠨ ᠳᠠᠮᠳᠠᠷᠢᠵᠤ ᠪᠣᠰᠬᠤ ᠳ᠋ᠤ
ᠬᠠᠳᠠᠭᠤ ᠵᠥᠭᠡᠯᠡᠨ ᠠᠮᠢᠳᠤᠷᠠᠯ ᠤᠨ ᠦᠨ᠎ᠡ ᠴᠠᠨ᠎ᠡ
ᠬᠠᠴᠠᠷ ᠳᠠᠭᠠᠭᠰᠠᠨ ᠨᠢᠯᠪᠣᠰᠤᠨ ᠠᠮᠳᠠ ᠪᠠᠷ ᠮᠡᠳᠡᠷᠡᠭ᠍ᠳᠡᠪᠡ᠂
ᠪᠢᠳᠠ ᠬᠠᠮᠢᠭ᠎ᠠ ᠨᠢ ᠪᠠᠢ᠌ᠨ᠎ᠠ ︖
ᠬᠠᠷ᠎ᠠ ᠴᠠᠭᠠᠨ ᠡᠷᠢᠶᠡᠨ ᠠᠯᠠᠭ ᠳᠦᠷᠢ ᠵᠢᠷᠤᠭ ᠤᠳ
ᠬᠠᠭᠠᠯᠭᠠᠨ ᠤ ᠬᠠᠳᠠᠪᠴᠢᠨ ᠡᠴᠡ ᠪᠣᠰᠴᠤ
ᠬᠠᠵᠠᠭᠤ ᠳᠤ ᠳᠦᠭᠦᠨ ᠢᠷᠡᠭᠦ ᠦᠶᠡᠰ
ᠬᠠᠮᠤᠭ ᠪᠠᠶ᠎ᠠ ᠠᠷᠵᠠᠰᠭᠢᠨ ᠴᠠᠴᠠᠷᠠᠪᠠ᠂
ᠪᠢ ᠬᠠᠮᠢᠭ᠎ᠠ ᠨᠢ ᠪᠠᠢ᠌ᠨ᠎ᠠ︖
ᠭᠦᠨ ᠳᠠᠯᠳᠠ ᠣᠳᠬ᠎ᠠ ᠶᠢᠨ ᠴᠢᠮᠡᠭ᠌ ᠲᠤ ᠪᠢᠰᠢᠷᠠᠵᠤ
ᠭᠤᠷᠪᠠᠨ ᠭᠤᠤᠯ ᠤᠨ ᠡᠭᠢ ᠡᠴᠡ
ᠣᠬᠠᠭᠠᠨ ᠤ ᠳᠡᠭᠡᠳᠤ ᠶᠢ 《ᠨᠢᠭᠤᠴᠠᠯᠠᠬᠤ》 ᠳ᠋ᠤ
ᠬᠤᠶᠠᠭ ᠳᠤᠭᠤᠯᠭ᠎ᠠ ᠮᠢᠨᠢ ᠳᠠᠠᠳᠠ ᠪᠠᠢ᠌ᠭᠰᠠᠨ᠂
ᠭᠦᠭᠡ ᠳᠡᠭ᠍ᠷᠢ ᠶᠢᠨ ᠣᠩᠭ᠋ᠤᠳ ᠢ ᠳᠠᠭᠤᠳᠠᠵᠤ
ᠭᠦᠢ ᠣᠷᠴᠢᠯᠠᠩ ᠤᠨ ᠦᠷᠭᠡᠨ ᠴᠢᠯᠦᠭᠡᠨ ᠳ᠋ᠤ
ᠭᠦᠮᠤᠨ᠂ ᠪᠠᠰᠠ ᠮᠤᠩᠭ᠋ᠤᠯ ᠭᠦᠮᠤᠨ ᠪᠠᠢ᠌ᠭᠰᠠᠨ ᠵᠢᠠᠨ
ᠭᠡᠢ᠌ᠮᠦᠷᠢ ᠣᠤᠬᠠᠢ᠌ᠯᠠᠨ ᠮᠡᠳᠡᠭᠦᠯᠭᠦ ᠳ᠋ᠤ
ᠭᠦᠯᠦᠭ᠌᠂ ᠡᠮᠡᠭᠡᠯ ᠮᠢᠨᠢ ᠳᠠᠠᠳᠠ ᠪᠠᠢ᠌ᠭᠰᠠᠨ᠂
ᠭᠦᠷᠦᠰᠤ ᠰᠢᠷᠤᠢ ᠪᠠᠨ ᠨᠤᠳᠤᠭ ᠭᠡᠵᠤ
ᠭᠦᠮᠤᠨ ᠤ ᠭᠠᠵᠠᠷ ᠡᠪᠦᠷᠳᠦᠯᠡᠵᠤ ᠶᠠᠪᠣᠭᠰᠠᠨ ᠭᠡᠨ᠎ᠡ᠂
ᠭᠦᠤ ᠶᠢᠨ ᠶᠢᠡᠨ ᠰᠡᠪᠠᠯᠭᠡ ᠶᠢ ᠥᠨᠦᠷᠯᠡᠭᠦ ᠭᠡᠵᠤ
ᠪᠣᠴᠠᠬᠤ ᠵᠠᠮ ᠶᠢᠡᠨ ᠳᠦᠳᠠᠯᠠᠵᠤ
ᠪᠣᠷᠤᠭᠠᠨ ᠶᠢᠡᠷ ᠶᠠᠭᠠᠷᠠᠵᠤ ᠳᠠᠪᠭᠢᠭᠰᠠᠨ ᠭᠡᠨ᠎ᠡ᠂
ᠭᠦᠰᠡᠷ ᠤᠨ ᠴᠢᠯᠠᠭᠤ ᠶᠢ ᠭᠦᠡᠳᠡᠭᠦ ᠦᠭᠡᠶ ᠮᠢᠨᠤᠭᠢ ᠭᠡᠵᠤ ᠬᠠᠢ᠌ᠷᠠᠯᠠᠵᠤ
ᠭᠦᠭᠡᠷᠡᠭᠦ ᠠᠯᠤᠰ ᠤᠨ ᠠᠭᠤᠯᠠ ᠶᠢ ᠮᠢᠨᠤᠭᠢ ᠭᠡᠵᠤ ᠰᠢᠳᠤᠵᠤ
ᠭᠦᠭᠡ ᠳᠤᠯᠪᠣᠳᠠᠨ ᠭᠡᠭᠦ ᠡᠴᠡ ᠪᠠᠨ ᠢᠯᠡᠭᠦᠤ
ᠭᠦᠭᠡ ᠮᠤᠩᠭ᠋ᠤᠯ ᠠᠬᠤᠢ ᠶᠢᠨ ᠦᠷ᠎ᠡ ᠰᠠᠳᠤ ᠳᠠᠶᠠᠭᠠᠷ ᠶᠠᠪᠣᠭᠰᠠᠨ ᠭᠡᠨ᠎ᠡ᠂
ᠣᠳᠤ ᠪᠣᠯᠵᠠᠢ ᠊᠊᠊᠊᠊᠊᠊᠊᠊᠊᠊᠊᠊᠊᠊
ᠪᠣᠷᠬᠠᠨ ᠬᠠᠯᠳᠤᠨ ᠤ ᠳᠡᠭ᠍ᠷᠢ ᠮᠡᠳᠡᠭ᠌᠂
ᠪᠣᠮᠠ ᠲᠦᠮᠡᠨ ᠵᠡᠭᠦᠳᠤᠨ ᠤ ᠣᠷᠴᠢᠨ ᠡᠴᠡ
ᠪᠣᠷᠤᠭᠤ ᠬᠠᠷᠠᠵᠤ ᠣᠭᠢᠯᠠᠵᠤ᠂ ᠵᠦᠪ ᠬᠠᠷᠠᠵᠤ ᠢᠨᠢᠶᠡᠭᠦ
ᠪᠣᠮᠠ ᠲᠦᠮᠡᠨ ᠰᠦᠨᠠᠰᠤ ᠪᠠᠢ᠌ᠭᠰᠠᠨ ᠢ ᠠᠵᠢᠵᠤ
ᠪᠣᠷᠤᠭᠤ ᠵᠦᠪ ᠣᠢ᠌ᠯᠠ ᠶᠢᠨ ᠳᠠᠩ ᠢ ᠣᠯᠬᠤ ᠭᠡᠵᠤ
《ᠪᠣᠷᠬᠠᠳ》 ᠊ᠤᠨ ᠵᠠᠷᠯᠢᠭ ᠶᠢᠡᠷ ᠰᠥᠭᠦᠳᠤᠨ ᠪᠠᠢ᠌ᠬᠤ ᠳ᠋ᠤ
ᠪᠢ ᠭᠠᠭᠴᠠᠭᠠᠷ ᠵᠤᠭᠰᠤᠭ᠎ᠠ ᠪᠠᠢ᠌ᠭᠰᠠᠨ ᠶᠤᠮ᠂
ᠪᠢ ᠭᠠᠭᠴᠠᠭᠠᠷ ᠮᠤᠩᠭ᠋ᠤᠯ ᠪᠠᠢ᠌ᠭᠰᠠᠨ ᠶᠤᠮ᠂᠂᠂
ᠰᠡᠳᠭᠢᠯ ᠤᠨ ᠦᠴᠦᠭᠡᠨ ᠭᠡᠭᠡ ᠵᠢ
ᠰᠡᠮᠡᠷᠡᠭ᠍ᠰᠡᠨ ᠬᠤᠷᠮᠤᠢ ᠪᠠᠷ ᠶᠢᠡᠨ ᠳᠠᠯᠳᠠᠯᠠᠵᠤ
ᠰᠠᠮ ᠰᠡᠮᠭᠡᠨ ᠱᠤᠤᠭᠢᠬᠤ
ᠰᠠᠷᠠᠨ ᠤ ᠰᠠᠯᠭᠢ ᠶᠢ ᠴᠢᠩᠨᠠᠨ ᠪᠠᠢ᠌ᠬᠤ ᠳ᠋ᠤ
ᠰᠦᠨ ᠪᠦᠳᠡᠭᠢᠭᠡᠨ ᠥᠩᠭᠡ ᠴᠡᠭᠡᠵᠢᠨ ᠳᠤ ᠪᠠᠭᠤᠵᠤ
ᠰᠦᠷᠦᠭ᠌ ᠭᠠᠯᠠᠭᠤᠨ ᠤ ᠳᠠᠭᠤᠨ ᠴᠢᠭᠡᠵᠢᠨ ᠳᠤ ᠪᠠᠭᠤᠵᠠᠢ ᠊᠊᠊᠊᠊᠊᠊᠊᠊᠊᠊᠊᠊᠊᠊
ᠣᠨ ᠴᠠᠭ ᠤᠨ ᠡᠨᠡᠭᠡᠨ ᠵᠠᠢ ᠳ᠋ᠤ
ᠣᠮᠠᠷᠳᠠᠬᠤ ᠵᠣᠢ᠌ᠯ ᠶᠡᠭᠡ ᠪᠠᠢ᠌ᠬᠤ ᠴᠤ ᠭᠡᠯᠡ
ᠣᠭᠰᠢᠬᠤ ᠰᠠᠯᠠᠮᠠᠨ ᠤ ᠡᠰᠢᠨ ᠳᠡᠭᠡᠷ᠎ᠡ ᠰᠡᠢ᠌ᠯᠦᠭ᠍ᠰᠡᠨ
ᠣᠪᠣᠭ᠂ ᠣᠮᠤᠭ ᠶᠢᠡᠨ ᠮᠠᠷᠳᠠᠵᠤ ᠶᠠᠭᠠᠭᠢᠨ ᠪᠣᠯᠬᠤᠪ︕
ᠬᠠᠷᠠᠩᠭ᠋ᠤᠢ ᠦᠷᠦᠭᠡᠨ ᠤ ᠬᠠᠭᠠᠯᠭ᠎ᠠ ᠨᠡᠭᠡᠭᠡᠭ᠍ᠳᠡᠪᠡ᠂
ᠬᠠᠨ ᠠᠭᠤᠯᠠ ᠶᠢᠨ ᠴᠠᠰᠤ ᠭᠢᠯᠪᠠᠵᠤ ᠬᠠᠨᠠᠭᠠᠷ ᠬᠠᠷᠠᠭᠳᠠᠵᠤ
ᠬᠠᠵᠠᠭᠤ ᠳᠤ ᠪᠠᠢ᠌ᠭᠰᠠᠨ ᠳᠦᠷᠢ ᠵᠢᠷᠤᠭ
ᠬᠠᠢ᠌ᠯᠠᠨ ᠣᠷᠤᠰᠴᠤ ᠣᠳᠪᠠ᠂ ᠬᠠᠷᠠᠴᠠᠨ ᠡᠴᠡ ᠬᠤᠯᠠᠳᠠᠪᠠ᠂
ᠬᠠᠷᠢᠶᠠᠴᠠᠢ ᠣᠷᠤᠵᠤ ᠢᠷᠠᠪᠠ
᠊᠊᠊᠊᠊᠊᠊᠊᠊᠊᠊᠊᠊᠊᠊ ᠬᠠᠰᠠᠷ ᠤᠨ ᠴᠡᠷᠢᠭ᠌ ᠲᠤ ᠳᠤᠭᠤᠰᠤᠨ ᠪᠣᠯᠵᠤ ᠶᠠᠪᠣᠯ᠎ᠠ ᠭᠡᠵᠤ ᠵᠢᠷᠭᠢᠪᠠ᠂
ᠬᠠᠢ᠌ᠨᠤᠭ ᠣᠷᠤᠵᠤ ᠢᠷᠠᠪᠠ
᠊᠊᠊᠊᠊᠊᠊᠊᠊᠊᠊᠊᠊᠊᠊ ᠬᠠᠭᠠᠨ ᠳᠦᠷᠤ ᠶᠢᠨ ᠪᠢᠯᠢᠭ᠌ ᠰᠤᠷᠭᠠᠯ ᠢ ᠰᠢᠳᠤ ᠭᠡᠵᠤ ᠮᠥᠭᠡᠷᠡᠪᠡ᠂
ᠬᠠᠭᠠᠨ ᠣᠷᠤᠵᠤ ᠢᠷᠠᠪᠠ
᠊᠊᠊᠊᠊᠊᠊᠊᠊᠊᠊᠊᠊᠊᠊ ᠪᠢ ᠬᠠᠭᠠᠨ ᠪᠢᠰᠢ ᠡ
ᠪᠢᠯᠢᠭ᠌ ᠰᠤᠷᠭᠠᠯ ᠤᠨ ᠡᠵᠡᠨ ᠪᠢᠰᠢ
ᠬᠠᠯᠳᠠᠷ ᠪᠣᠯᠳᠠᠷ ᠵᠢᠭᠠᠯ ᠶᠠᠪᠣᠭᠰᠠᠨ ᠳᠠᠮᠤᠵᠢᠨ ᠤ
ᠬᠠᠷᠪᠣᠭᠰᠠᠨ ᠰᠤᠮᠤ ᠶᠢ ᠨᠢ ᠠᠷᠴᠢᠵᠤ ᠶᠠᠪᠣᠭᠰᠠᠨ ᠰᠠᠯᠭᠢ ᠁
ᠪᠢ ᠣᠷᠤᠵᠤ ᠢᠷᠠᠪᠠ
᠊᠊᠊᠊᠊᠊᠊᠊᠊᠊᠊᠊᠊᠊᠊ ᠨᠠᠶᠠᠨ ᠨᠢᠭᠡᠨ ᠰᠦᠨᠠᠰᠤᠨ ᠤ ᠨᠢᠭᠡ ᠶᠢ ᠣᠯ
ᠨᠠᠳᠠ ᠳᠡᠭᠡᠷ᠎ᠡ ᠡᠷᠭᠢᠵᠤ ᠢᠷᠡᠭᠦ ᠶᠢ ᠭᠦᠰᠡ
ᠨᠠᠮᠤᠷ ᠤᠨ ᠪᠣᠷᠤᠭ᠎ᠠ ᠶᠢ ᠨᠠᠮᠤᠷ ᠲᠤ ᠭᠡᠯ ᠦᠭᠡᠶ ᠣᠷᠤᠭᠤᠯ
ᠬᠠᠪᠣᠷ ᠤᠨ ᠥᠩᠭᠡ ᠶᠢ ᠬᠠᠪᠣᠷ ᠲᠤ ᠭᠡᠯ ᠦᠭᠡᠶ ᠬᠠᠢ᠂
ᠨᠠᠮ᠎ᠠ ᠶᠢ ᠳᠠᠭᠠᠭᠠᠤᠨ ᠠᠷᠤ ᠡᠴᠡ ᠭᠡᠵᠤ ᠵᠠᠷᠯᠢᠭ ᠪᠣᠯᠪᠠ᠃
ᠬᠠᠭᠠᠯᠭ᠎ᠠ ᠪᠠᠷ ᠭᠠᠷᠬᠤ ᠳᠤ ᠨᠠᠶᠠᠨ ᠨᠢᠭᠡᠨ ᠠᠮᠢᠳᠤᠷᠠᠯ ᠪᠠᠢ᠌ᠪᠠ᠂
ᠬᠠᠷᠠᠩᠭ᠋ᠤᠢ ᠦᠷᠦᠭᠡᠨ ᠤ ᠬᠠᠨ᠎ᠠ ᠭᠡᠵᠤ ᠬᠠᠳᠠ ᠪᠠᠢ᠌ᠪᠠ
ᠬᠠᠴᠠᠷ ᠳᠠᠭᠠᠭᠰᠠᠨ ᠨᠢᠯᠪᠣᠰᠤᠨ ᠨᠢ ᠣᠳᠤ ᠪᠠᠢ᠌ᠪᠠ
ᠬᠠᠷ᠎ᠠ ᠴᠠᠭᠠᠨ ᠡᠷᠢᠶᠡᠨ ᠠᠯᠠᠭ ᠵᠢᠷᠤᠭ ᠤᠳ ᠭᠡᠵᠤ
ᠬᠠᠳᠠᠭᠤ ᠭᠦᠢᠳᠡᠨ ᠬᠤᠷᠸ᠎ᠠ ᠶᠢᠨ ᠭᠢᠯᠢ ᠳᠡᠭᠡᠷ᠎ᠡ ᠳᠤᠰᠤᠭᠰᠠᠨ
ᠬᠠᠮᠤᠭ ᠡᠴᠦᠰ ᠤᠨ ᠮᠤᠩᠭ᠋ᠤᠯ ᠭᠦᠮᠤᠨ ᠤ ᠬᠠᠷᠠᠴᠠ ᠪᠠᠢ᠌ᠪᠠ ᠡ᠃
ᠳᠠᠢ᠌ᠮᠤ ᠡ ᠊᠊᠊᠊᠊᠊᠊᠊᠊᠊᠊᠊᠊᠊᠊
ᠣᠨ ᠴᠠᠭ ᠤᠨ ᠡᠨᠡᠭᠦᠭᠡᠨ ᠵᠠᠢ ᠳ᠋ᠤ
ᠣᠮᠠᠷᠳᠠᠬᠤ ᠵᠣᠢ᠌ᠯ ᠶᠡᠭᠡ ᠪᠠᠢ᠌ᠯ᠎ᠠ ᠴᠤ ᠭᠡᠯᠡ
ᠣᠭᠰᠢᠬᠤ ᠰᠠᠯᠠᠮᠠᠨ ᠤ ᠡᠰᠢᠨ ᠳᠡᠭᠡᠷ᠎ᠡ ᠰᠡᠢ᠌ᠯᠦᠭ᠍ᠰᠡᠨ
ᠣᠪᠣᠭ᠂ ᠣᠮᠤᠭ ᠶᠢᠡᠨ ᠮᠠᠷᠳᠠᠵᠤ ᠶᠠᠭᠠᠭᠢᠨ ᠪᠣᠯᠬᠤ ᠪᠣᠢ ᠳ᠋ᠡ︕
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2011 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ