☆ ᠨ·ᠷᠢᠠᠴᠢᠨ
ᠬᠠᠰ ᠤᠨ ᠴᠡᠩᠭᠡᠷ ᠪᠠᠩᠵᠠᠯ
ᠭᠠᠷᠠᠭ ᠤᠨ ᠵᠢᠷᠭᠤᠭᠠᠨ ᠣᠷᠢᠨ᠎ᠠ ᠳᠡᠯᠭᠡᠭᠦᠷ ᠳᠤᠭᠤᠷᠢᠵᠤ ᠪᠠᠢ᠌ᠭᠠᠤᠨ ᠨᠢᠭᠡ ᠴᠡᠩᠭᠡᠷ ᠨᠤᠭᠤᠭᠠᠨ ᠥᠩᠭᠡᠳᠡᠢ ᠭᠠᠳᠠᠭᠠᠳᠤ ᠡᠴᠡ ᠣᠷᠤᠭᠤᠯᠤᠭᠰᠠᠨ ᠰᠢᠨ᠎ᠠ ᠮᠠᠶᠠᠭ ᠤᠨ ᠪᠠᠩᠵᠠᠯ ᠢ ᠦᠵᠡᠵᠤ ᠳᠤᠭᠤᠭᠰᠠᠨ ᠶᠤᠮ᠃ ᠲ᠋ᠠᠷᠠ ᠡᠮᠦᠰᠴᠤ ᠥᠵᠡᠭᠦᠯᠡᠷ ᠪᠠᠶᠠᠨ ᠳ᠋ᠤᠨᠢ ᠶᠠᠪ ᠴᠠᠪ ᠳᠠᠭᠠᠷᠠᠭᠰᠠᠨ ᠪᠦᠭᠡᠳ ᠴᠢᠷᠠᠢ ᠶᠢᠨ ᠥᠩᠭᠡ ᠲᠡᠶ ᠨᠢ ᠪᠠᠰᠠ ᠳᠤᠭᠢᠷᠠᠭᠰᠠᠨ ᠪᠠᠢ᠌ᠪᠠ᠃
ᠪᠠᠷᠠᠭ᠎ᠠ ᠬᠤᠳᠠᠯᠳᠤᠭᠴᠢ ᠦᠬᠢᠨ᠂ ᠣᠷᠢᠨ᠎ᠠ ᠵᠢᠨ ᠵᠢᠰᠤ ᠴᠢᠷᠠᠢ ᠪᠠᠶ᠎ᠠ ᠪᠠᠢ᠌ᠳᠠᠯ ᠢ ᠨᠢᠭᠡ ᠵᠡᠷᠭᠡ ᠮᠠᠭᠳᠠᠵᠤ ᠭᠠᠷᠤᠭᠰᠠᠨ ᠶᠢᠡᠨ᠄ 《ᠡᠨᠡ ᠪᠠᠩᠵᠠᠯ ᠢ ᠡᠮᠦᠰᠦᠭ᠍ᠰᠡᠨ ᠴᠢᠨᠢ ᠶᠠᠭ ᠯᠠ ᠨᠤᠭᠤᠭᠠᠨ ᠬᠠᠰ ᠪᠠᠶ᠎ᠠ ᠳᠡᠭᠡᠷ᠎ᠡ ᠪᠠᠨ ᠳᠡᠯᠭᠡᠴᠢᠭᠡᠭ᠍ᠰᠡᠨ ᠰᠢᠭ᠌ ᠰᠠᠢ᠌ᠬᠠᠨ ᠬᠠᠷᠠᠭᠳᠠᠵᠤ ᠪᠠᠢ᠌ᠨ᠎ᠠ᠃ ᠳᠠ ᠭᠡᠷᠪᠡ ᠡᠭᠦᠨ ᠢ ᠡᠮᠦᠰᠦᠭᠡᠳ ᠭᠤᠶᠤ ᠥᠵᠡᠰᠭᠦᠯᠡᠩ ᠤᠨ ᠣᠷᠤᠯᠳᠤᠭᠠᠨ ᠳᠤ ᠣᠷᠤᠯᠴᠠᠬᠤ ᠶᠤᠮ ᠪᠣᠯ ᠯᠠᠪ ᠳᠡᠷᠢᠭᠦᠨ ᠱᠡᠭ᠌ ᠭᠦᠷᠳᠡᠨ᠎ᠡ᠂ ᠥᠨᠡᠭᠡᠷ ᠭᠤᠶᠤ︕ ᠠᠪᠴᠢᠬ᠎ᠠ︕ ᠡᠨᠡ ᠮᠠᠶᠢᠭ ᠤᠨ ᠭᠢ ᠵᠥᠪᠭᠡᠨ ᠨᠢᠭᠡᠯᠭᠡᠨ᠁》 ᠭᠡᠭᠦ ᠶᠤᠮ᠃
ᠦᠭᠢᠨ ᠤ ᠶᠠᠷᠢᠶ᠎ᠠ ᠭᠡᠳᠥᠢᠪᠠᠷ ᠳᠠᠪᠠᠭᠤᠯᠢᠭ ᠭᠡᠳᠦᠷᠡᠭᠦᠯᠦᠯ ᠲᠡᠶ ᠪᠣᠯᠪᠠᠴᠤ ᠣᠷᠢᠨ᠎ᠠ ᠳᠤ ᠲᠤᠩ ᠠᠶᠠᠳᠢ ᠰᠠᠨᠠᠭᠳᠠᠨ᠎ᠠ᠃ ᠭᠡᠪᠠᠴᠤ ᠳᠠᠷᠠ ᠡᠷ᠎ᠡ ᠨᠥᠭᠦᠷ ᠲᠡᠭᠡᠨ ᠮᠡᠳᠡᠭ᠍ᠳᠡᠭᠦ ᠦᠭᠡᠶ ᠨᠢᠭᠤᠵᠤ ᠪᠠᠢ᠌ᠭᠰᠠᠨ ᠬᠤᠪᠢ ᠶᠢᠨ ᠵᠤᠭᠤᠰ ᠶᠢᠡᠨ ᠵᠠᠷᠤᠬᠤ ᠪᠣᠯᠬᠤᠷ ᠶᠠᠭᠠᠭᠢᠬᠤ ᠪᠠᠨ ᠣᠯᠵᠤ ᠶᠠᠳᠠᠨ᠄ 《ᠡᠨᠡ ᠪᠠᠩᠵᠠᠯ ᠴᠤ ᠪᠣᠯ ᠪᠤᠯᠴᠢᠬᠠᠨ᠎ᠠ᠂ ᠭᠡᠯᠡᠶ᠎ᠡ ᠭᠡᠰᠡᠨ ᠭᠡᠳᠦᠷᠭᠡᠢ ᠥᠨ᠎ᠡ ᠲᠡᠶ ᠪᠠᠢ᠌ᠨ᠎ᠠ᠃ ᠪᠢ ᠪᠠᠰᠠ ᠬᠤᠪᠢ ᠶᠢᠨ ᠵᠤᠭᠤᠰ ᠶᠢᠡᠨ ᠵᠡᠷᠦᠨᠡ᠂ ᠨᠥᠭᠦᠷ ᠲᠡᠭᠡᠨ ᠶᠠᠭᠤ ᠭᠡᠵᠤ ᠭᠡᠯᠡᠨ᠎ᠡ ᠪᠣᠢ 》 ᠭᠡᠵᠤ ᠵᠤᠪᠠᠭᠤᠷᠢᠯᠠᠪᠠ᠃
《ᠭᠡᠷᠪᠡ ᠳᠠ ᠵᠥᠪᠰᠢᠶᠡᠷᠡᠳᠡᠭ᠌ ᠶᠤᠮ ᠪᠣᠯ ᠪᠢᠳᠠᠨ ᠳᠤ ᠠᠷᠭ᠎ᠠ ᠪᠠᠢ᠌ᠨ᠎ᠡ᠂ ᠡᠨᠡ ᠠᠷᠭ᠎ᠠ ᠶᠢ ᠪᠢᠳᠠ ᠣᠯᠠᠨ ᠣᠳᠠᠭ᠎ᠠ ᠭᠡᠷᠡᠭᠯᠡᠵᠤ ᠥᠩᠭᠡᠷᠡᠭ᠍ᠰᠡᠨ ᠶᠤᠮ᠃》 ᠭᠡᠳ ᠪᠠᠷᠠᠭ᠎ᠠ ᠬᠤᠳᠠᠯᠳᠤᠭᠴᠢ ᠦᠬᠢᠨ ᠨᠢᠭᠡ ᠱᠠᠩᠨᠠᠯᠳᠤ ᠺᠠᠷᠲ᠋ ᠭᠠᠷᠭᠠᠵᠤ ᠲᠤᠩ ᠢᠳᠡᠭᠡᠯ ᠳᠠᠢ ᠪᠠᠷ᠄ 《ᠳᠠ ᠵᠤᠭᠤᠰ ᠶᠢᠡᠨ ᠳᠤᠰᠢᠶᠠᠴᠢᠬᠠᠭᠠᠤᠨ ᠡᠭᠦᠨ ᠢ ᠠᠪᠣᠭᠠᠤᠨ ᠬᠠᠷᠢᠵᠤ ᠨᠥᠭᠦᠷ ᠶᠢᠡᠨ ᠳᠤᠮᠢᠯᠠᠵᠤ ᠱᠠᠩᠨᠠᠯ ᠲᠡᠶ ᠡᠰᠡᠭᠦ ᠶᠢ ᠥᠵᠡᠭᠦᠯ᠃ ᠲ᠋ᠡᠭᠡᠭᠡᠳ ᠳᠡᠭᠦᠨ ᠶᠢᠡᠷ ᠱᠠᠩᠨᠠᠯ ᠶᠢᠠᠨ ᠠᠪᠤᠭᠤᠯᠤᠭᠠᠷᠠᠢ᠂ ᠲ᠋ᠡᠭᠡᠪᠠᠯ ᠳᠠᠷᠠ ᠳᠠᠨ ᠳᠤ ᠶᠠᠭᠤ ᠴᠤ ᠶᠠᠷᠢᠬᠤ ᠦᠭᠡᠶ ᠪᠤᠯᠴᠢᠬᠠᠨ᠎ᠠ》 ᠭᠡᠳ ᠤᠷᠢᠨ᠎ᠡ ᠳᠤ ᠥᠵᠡᠭᠦᠯᠪᠡ᠃ ᠤᠷᠢᠨ᠎ᠡ ᠡᠨᠡ ᠠᠷᠭ᠎ᠠ ᠶᠢ ᠪᠢᠰᠢᠷᠠᠵᠤ᠂ ᠲ᠋ᠤᠤᠷ᠎ᠠ ᠨᠢ ᠵᠤᠭᠤᠰ ᠶᠢᠡᠨ ᠳᠤᠰᠢᠶᠠᠭᠠᠤᠨ ᠱᠠᠩᠨᠠᠯᠳᠤ ᠺᠠᠷᠲ᠋ ᠶᠢ ᠠᠪᠴᠤ ᠲᠤᠩ ᠪᠠᠶᠠᠷᠳᠠᠢ ᠬᠠᠷᠢᠪᠠ᠃
ᠭᠠᠷᠠᠭ ᠤᠨ ᠡᠳᠦᠷ ᠨᠥᠭᠦᠷ ᠨᠢ ᠱᠩᠨᠠᠯᠳᠤ ᠺᠠᠷᠲ᠋ ᠢ ᠠᠪᠣᠭᠠᠤᠨ ᠳᠡᠯᠭᠡᠭᠦᠷ ᠲᠤ ᠶᠠᠪᠣᠪᠠ᠃ ᠣᠷᠢᠨ᠎ᠠ ᠦᠨᠦᠭᠢ ᠴᠡᠩᠭᠡᠷ ᠨᠤᠭᠤᠬᠠᠨ ᠪᠠᠩᠵᠠᠯ ᠶᠢᠡᠨ ᠭᠦᠯᠢᠶᠡᠵᠤ ᠰᠠᠭᠤᠯ᠎ᠠ᠃ ᠭᠦᠯᠢᠶᠡᠭ᠍ᠰᠡᠷ ᠭᠦᠯᠢᠶᠡᠭ᠍ᠰᠡᠷ ᠳᠡᠯᠭᠡᠭᠦᠷ ᠤᠨ ᠡᠭᠦᠳᠡ ᠬᠠᠭᠠᠬᠤ ᠶᠢᠨ ᠦᠶ᠎ᠡ ᠪᠠᠷ ᠨᠥᠭᠦᠷ ᠨᠢ ᠬᠠᠷᠢᠵᠤ ᠢᠷᠠᠪᠠ᠃
《ᠮᠢᠨᠤ ᠱᠠᠩᠨᠠᠯ ᠶᠠᠮᠠᠷ ᠪᠣᠯᠤᠭᠰᠠᠨ ᠪᠣᠢ︖》 ᠭᠡᠵᠤ ᠶᠠᠭᠠᠷᠠᠨ ᠠᠰᠠᠭᠤᠪᠠᠯ᠂ ᠨᠥᠭᠦᠷ ᠨᠢ 《ᠪᠠᠷᠠᠭ᠎ᠠ ᠬᠤᠳᠠᠯᠳᠤᠭᠴᠢ ᠴᠢᠮᠢ᠋ᠢ ᠠᠵᠠ ᠲᠡᠶ ᠪᠠᠢ᠌ᠨ᠎ᠠ ᠭᠡᠨ᠎ᠡ᠃ ᠱᠡᠩᠨᠡᠯ ᠴᠢᠨᠢ》 ᠭᠡᠳ ᠨᠢᠭᠡ ᠪᠤᠭᠤᠳᠠᠯ ᠭᠠᠷᠭᠠᠵᠤ ᠥᠭ᠍ᠪᠡ᠃
ᠣᠷᠢᠨ᠎ᠠ ᠪᠠᠶᠠᠷᠯᠠᠭᠠᠤᠨ ᠭᠠᠷᠭᠠᠵᠤ ᠥᠵᠡᠭ᠍ᠰᠡᠨ ᠴᠢᠨᠢ ᠦᠨᠦᠭᠢ ᠬᠠᠰ ᠤᠨ ᠴᠡᠩᠭᠡᠷ ᠪᠠᠩᠵᠠᠯ ᠨᠢ ᠪᠦᠳᠤᠨ ᠵᠡᠭᠡᠯᠢ ᠪᠠᠷ ᠦᠨ᠎ᠡ ᠪᠠᠭᠤᠷᠠᠭᠤᠯᠤᠨ ᠬᠤᠳᠠᠯᠳᠤᠵᠤ ᠪᠠᠢ᠌ᠭ᠎ᠠ ᠡᠡᠭ᠌ ᠤᠨ ᠨᠢᠭᠡ ᠪᠠᠩᠵᠠᠯ ᠶᠢᠡᠷ ᠰᠤᠯᠢᠭᠳᠠᠭᠰᠠᠨ ᠪᠠᠢ᠌ᠪᠠ᠃ ᠣᠷᠢᠨ᠎ᠠ ᠶᠤᠰᠤᠳᠠᠢ ᠠᠭᠤᠷᠯᠠᠭᠠᠤᠨ ᠭᠠᠯᠵᠠᠭᠤᠷᠠᠮᠠᠷ ᠪᠣᠯᠤᠭᠰᠠᠨ ᠴᠤ ᠨᠢᠭᠡ ᠴᠤ ᠥᠭᠡ ᠳᠤᠤᠭᠠᠷᠴᠤ ᠴᠢᠳᠠᠭᠰᠠᠨ ᠦᠭᠡᠶ᠃
ᠣᠷᠢᠨ᠎ᠠ ᠶᠢᠨ ᠳᠤᠳᠤᠷ᠎ᠠ ᠭᠠᠯ ᠨᠤᠴᠤᠵᠤ ᠪᠠᠢ᠌ᠪᠠᠴᠤ ᠬᠠᠮᠠᠷ ᠶᠢᠡᠷ ᠶᠢᠡᠨ ᠣᠳᠤᠭ᠎ᠠ ᠶᠢ ᠨᠢ ᠭᠠᠷᠭᠠᠵᠤ ᠴᠢᠳᠠᠬᠤ ᠦᠭᠡᠶ ᠨᠢᠭᠡ ᠰᠦᠨᠢ ᠶᠢ ᠥᠩᠭᠡᠷᠡᠭᠡᠪᠡ᠃ ᠮᠠᠷᠭᠠᠰᠢ ᠨᠢ ᠠᠵᠢᠯ ᠪᠠᠭᠤᠮᠠᠭᠴᠠ ᠰᠢᠭᠤᠳ ᠳᠡᠯᠭᠡᠭᠦᠷ ᠲᠤ ᠭᠦᠷᠴᠤ ᠪᠠᠷᠠᠭ᠎ᠠ ᠬᠤᠳᠠᠯᠳᠤᠭᠴᠢ ᠦᠬᠢᠨ ᠢ ᠡᠷᠢᠪᠡ᠃ ᠭᠡᠪᠠᠴᠤ ᠳᠠᠷᠠ ᠦᠬᠢᠨ ᠮᠦᠨ ᠳᠡᠷᠡᠭᠦ ᠪᠠᠩᠵᠠᠯ ᠢ ᠨᠥᠭᠦᠷ ᠳᠤ ᠴᠢᠨᠢ ᠥᠭ᠍ᠴᠤ ᠶᠠᠪᠤᠭᠤᠯᠤᠭᠰᠠᠨ᠂ ᠢᠳᠡᠭᠡᠭᠦ ᠦᠭᠡᠶ ᠪᠣᠯ ᠨᠥᠭᠦᠷ ᠶᠢᠠᠨ ᠳᠠᠭᠠᠭᠤᠯᠤᠭᠠᠤᠨ ᠢᠷ᠎ᠠ ᠭᠡᠭᠦ ᠶᠤᠮ᠃ ᠤᠷᠢᠨ᠎ᠡ ᠢᠳᠡᠭᠡᠭᠦ ᠢᠳᠡᠭᠡᠭᠦ ᠦᠭᠡᠶ ᠶᠢᠨ ᠬᠤᠭᠤᠷᠤᠠᠳᠤ ᠳᠡᠯᠭᠡᠭᠦᠷ ᠡᠴᠡ ᠭᠠᠷᠴᠤ ᠥᠨᠡᠭᠡᠷ ᠡᠷ᠎ᠡ ᠨᠥᠭᠦᠷ ᠡᠴᠡ ᠪᠠᠨ ᠠᠰᠠᠭᠤᠵᠤ ᠦᠵᠡᠶ᠎ᠠ ᠭᠡᠳ ᠨᠥᠭᠦᠷ ᠤᠨ ᠶᠢᠡᠨ ᠪᠠᠢ᠌ᠭᠤᠯᠤᠯᠭ᠎ᠠ ᠵᠥᠭ᠌ ᠶᠠᠪᠣᠪᠠ᠃
ᠪᠠᠢ᠌ᠭᠤᠯᠤᠭ᠎ᠠ ᠶᠢᠨ ᠡᠭᠦᠳᠡ ᠭᠦᠷᠭᠦ ᠳᠤ ᠡᠷ᠎ᠡ ᠨᠥᠭᠦᠷ ᠨᠢ ᠳᠡᠭᠦᠨ ᠤ ᠨᠠᠷᠢᠨ ᠪᠢᠴᠢᠭᠡᠴᠢ ᠲᠡᠶ ᠬᠤᠶᠠᠭᠤᠯᠠ ᠭᠠᠷᠴᠤ ᠢᠷᠡᠭᠦ ᠲᠡᠶ ᠳᠠᠭᠠᠷᠠᠯᠳᠤᠪᠠ᠃ ᠣᠷᠢᠨ᠎ᠠ ᠬᠠᠷᠠᠭᠰᠠᠨ ᠴᠢᠨᠢ ᠦᠨᠦ ᠬᠠᠰ ᠤᠨ ᠴᠡᠩᠭᠡᠷ ᠪᠠᠩᠵᠠᠯ ᠬᠠᠷᠢᠨ ᠨᠠᠷᠢᠨ ᠪᠢᠴᠢᠭᠡᠴᠢ ᠶᠢᠨ ᠪᠠᠶ᠎ᠠ ᠳᠡᠭᠡᠷ᠎ᠡ ᠲ᠋ᠡᠷᠪᠠᠯᠵᠡᠨ ᠪᠠᠢ᠌ᠪᠠ︕ ᠁
(ᠦᠪᠣᠷ ᠮᠤᠩᠭ᠋ᠤᠯ ᠤᠨ ᠡᠳᠦᠷ ᠤᠨ ᠰᠤᠨᠢᠨ ᠳᠤ ᠨᠠᠢ᠌ᠳᠠᠯᠠᠵᠤ ᠥᠩᠭᠡᠷᠡᠭ᠍ᠰᠡᠨ ᠵᠤᠬᠢᠶᠠᠯ ᠶᠢᠡᠨ ᠪᠠᠭ᠎ᠠ ᠵᠠᠰᠠᠵᠤ ᠨᠠᠢ᠌ᠳᠠᠯᠠᠪᠠ)
ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9233
ᠴᠠᠭ᠄ 2009 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ