ᠨᠡᠪᠲᠡᠷᠡᠨ ᠤᠷᠤᠬᠤ
ᠬᠤᠯᠠᠳᠴᠤ ᠴᠢᠳᠠᠳᠠᠭ ᠦᠭᠡᠶ ᠶᠢᠨ ᠣᠴᠢᠷ

ᠴᠢ ᠮᠢᠨᠢ

ᠠᠭᠤᠯᠠᠰ ᠤᠨ ᠴᠠᠭᠠᠨ᠎ᠠ ᠰᠠᠭᠤᠳᠠᠭ

ᠣᠴᠠᠷᠠᠬᠤ ᠶᠢᠨ ᠠᠷᠭ᠎ᠠ ᠦᠭᠡᠶ ᠬᠤᠯᠠ ᠪᠠᠢ᠌ᠯ᠎ᠠ ᠴᠤ

ᠭᠦᠷᠦᠰᠦᠳᠤ ᠳᠡᠯᠡᠭᠡᠢ ᠶᠢᠨ ᠦᠷᠦᠴᠠᠨ ᠳ᠋ᠤ

ᠭᠦᠭᠡ ᠳᠡᠭ᠍ᠷᠢ ᠳᠤ ᠬᠠᠮᠳᠤ ᠳᠤ ᠪᠠᠨ ᠬᠤᠴᠢᠭᠳᠠᠵᠤ

ᠬᠤᠯᠠᠳᠴᠤ ᠴᠢᠳᠠᠳᠠᠭ ᠥᠭᠡᠢ

ᠴᠢ ᠮᠢᠨᠢ

ᠦᠨᠢᠳᠠ ᠶᠢᠨ ᠳᠤᠷᠠᠰᠤᠯ ᠬᠤᠴᠤᠷᠭᠠᠵᠤ

ᠥᠵᠦᠭᠦᠷ ᠬᠤᠯᠠ ᠶᠢᠨ ᠭᠠᠵᠠᠷ ᠪᠠᠢ᠌ᠯ᠎ᠠ ᠴᠤ

ᠦᠳᠡᠰᠢ ᠶᠢᠨ ᠪᠠᠷᠠᠭᠠᠨ ᠭᠦᠡᠵᠢᠯᠡ ᠳᠤ ᠬᠤᠴᠢᠭᠳᠠᠵᠤ

ᠥᠩᠭᠡᠳᠤ ᠣᠷᠴᠢᠯᠠᠩ ᠳᠤ ᠬᠠᠮᠳᠤ ᠳᠤ ᠪᠠᠨ ᠪᠠᠢ᠌ᠵᠤ

ᠬᠤᠯᠠᠳᠴᠤ ᠴᠢᠳᠠᠳᠠᠭ ᠥᠭᠡᠢ

ᠴᠢ ᠮᠢᠨᠢ

ᠣᠷᠤᠨ ᠳᠡᠯᠡᠭᠡᠢ ᠶᠢᠨ ᠠᠭᠤᠳᠠᠮ ᠳ᠋ᠤ

ᠣᠯᠠᠨ ᠬᠤᠨᠤᠭ ᠠᠶᠠᠯᠠᠭᠠᠤᠨ ᠭᠦᠷᠭᠦ ᠦᠭᠡᠶ ᠬᠤᠯᠠ ᠪᠠᠢ᠌ᠯ᠎ᠠ ᠴᠤ

ᠣᠰᠤᠨ ᠤ ᠰᠢᠪᠠᠭᠤ ᠳᠠᠭᠤᠯᠠᠵᠤ ᠢᠷᠡᠳᠡᠭ᠌ ᠬᠠᠪᠣᠷ

ᠣᠷᠢᠬᠠᠨ ᠰᠠᠯᠭᠢ ᠪᠠᠷ ᠬᠠᠮᠳᠤ ᠥᠨᠦᠰᠦᠭᠦᠯᠵᠤ

ᠬᠤᠯᠠᠳᠴᠤ ᠴᠢᠳᠠᠳᠠᠭ ᠦᠭᠡᠶ

ᠴᠢ ᠮᠢᠨᠢ

ᠨᠠᠳᠠ ᠡᠴᠠ ᠬᠤᠯᠠ ᠪᠠᠢ᠌ᠯ᠎ᠠ

ᠨᠠᠮᠤᠷ ᠤᠨ ᠭᠠᠯᠠᠭᠤ ᠨᠢᠰᠦᠭᠡᠳ ᠭᠦᠷᠭᠦ ᠦᠭᠡᠶ ᠬᠤᠯᠠ ᠪᠠᠢ᠌ᠯ᠎ᠠ

ᠨᠠᠷᠠᠨ ᠰᠠᠷᠠᠨ ᠤ ᠡᠭᠡᠯᠵᠢᠳᠤ ᠬᠤᠷᠸ᠎ᠠ ᠳ᠋ᠤ

ᠨᠠᠰᠤᠨ ᠳᠤᠷᠰᠢ ᠳᠤ ᠬᠠᠮᠳᠤ ᠪᠠᠢ᠌ᠳᠠᠭ ᠶᠢᠡᠷ ᠵᠢᠠᠨ

ᠬᠤᠯᠠᠳᠴᠤ ᠴᠢᠳᠠᠳᠠᠭ ᠥᠭᠡᠢ

ᠴᠢ ᠮᠢᠨᠢ

ᠵᠢᠭᠦᠷ ᠣᠷᠭᠤᠭᠰᠠᠨ ᠭᠦᠰᠡᠯ ᠳ᠋ᠤ

ᠵᠡᠭᠦᠳᠤᠨ ᠳᠤ ᠣᠴᠠᠷᠠᠬᠤ ᠪᠠᠷ ᠶᠢᠡᠨ ᠣᠢ᠌ᠷᠠᠬᠠᠨ

ᠵᠦᠪ ᠭᠡᠨᠡᠨ ᠤ ᠬᠤᠷᠸ᠎ᠠ ᠳ᠋ᠤ

ᠵᠢᠷᠦᠭᠡᠨ ᠳᠠᠯ᠎ᠠ ᠳᠤ ᠪᠠᠢ᠌ᠳᠠᠭ ᠶᠢᠡᠷ ᠵᠢᠠᠨ

ᠬᠤᠯᠠᠳᠴᠤ ᠴᠢᠳᠠᠳᠠᠭ ᠥᠭᠡᠢ


ᠵᠤᠬᠢᠶᠠᠭᠴᠢ ᠶᠢᠨ ᠬᠠᠶ‍ᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2010 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ