ᠨᠡᠪᠲᠡᠷᠡᠨ ᠤᠷᠤᠬᠤ
ᠵᠡᠭᠦᠳᠤᠨ ᠳᠤᠷ ᠶᠢᠡᠨ ᠪᠢᠴᠢᠭ᠍ᠰᠡᠨ ᠰᠢᠯᠦᠭ᠌

      ᠲ᠋ᠤᠤᠵᠠ ᠬᠠᠢ᠌ᠴᠢᠯᠠᠬᠤ ᠶᠤᠰᠤᠯᠠᠯ


ᠠᠷᠠᠤᠨ

ᠳᠤᠭ᠎ᠠ ᠲᠡᠶ ᠵᠤᠭᠤᠰ ᠶᠢᠡᠨ

ᠳᠤᠭᠠᠯᠠᠵᠤ ᠬᠠᠷᠮᠠᠯᠠᠭᠠᠤᠨ

ᠠᠮᠢ ᠳᠡᠮᠡᠴᠡᠭ᠍ᠰᠡᠭᠡᠷ

ᠨᠢᠭᠤᠷ ᠲᠡᠶ ᠢᠷᠠᠨ᠎ᠠ

ᠨᠤᠶᠠᠤᠨ

ᠬᠠᠷᠮᠠᠨ ᠬᠤᠭᠤᠰᠤᠨ ᠶᠢᠡᠷ

ᠯᠠᠷᠵᠢᠶ᠎ᠠ ᠲᠡᠶ ᠢᠷᠡᠭᠡᠳ

ᠬᠠᠢ᠌ᠴᠢ ᠨᠢᠭᠡ ᠭᠦᠳᠡᠯᠭᠡᠭᠡᠳ

ᠣᠯᠵᠠ ᠲᠡᠶ ᠪᠣᠴᠠᠨ᠎ᠠ


      ᠮᠦᠷᠤᠢ ᠶᠢᠨ ᠳᠠᠯᠠᠪᠣᠷ


ᠵᠠᠰᠠᠭ ᠤᠨ ᠺᠠᠳ᠋ᠷ ᠤᠨ

ᠮᠦᠷᠤᠢ ᠶᠢᠨ ᠳᠠᠯᠠᠪᠣᠷ ᠢ

ᠨᠠᠭᠠᠳᠤᠮᠴᠢᠳ ᠭᠦᠷᠢᠶᠡᠯᠡᠨ᠎ᠡ

ᠴᠠᠭᠳᠠᠭ᠎ᠠ ᠬᠠᠮᠠᠭᠠᠯᠠᠨ᠎ᠠ

ᠴᠠᠭᠳᠠᠭ᠎ᠠ ᠪᠠᠰᠠ ᠮᠦᠷᠣᠢ᠌ᠴᠠᠨ᠎ᠠ

ᠵᠠᠯᠢ ᠲᠡᠶ ᠨᠠᠭᠠᠳᠤᠭᠰᠠᠨ ᠨᠢ

ᠵᠤᠭᠤᠰ ᠣᠯᠠᠨ ᠬᠤᠠᠵᠢᠨ᠎ᠠ

ᠵᠤᠷᠢᠭ ᠲᠡᠶ ᠨᠠᠭᠠᠳᠤᠭᠰᠠᠨ ᠨᠢ

ᠦᠷᠢ ᠶᠡᠭᠡᠳᠡᠢ ᠬᠤᠴᠤᠷᠤᠨ᠎ᠠ

ᠦᠷᠢᠳᠦᠭᠦ ᠳᠤᠳᠤᠮ ᠶᠢᠡᠨ ᠮᠦᠷᠣᠢ᠌ᠴᠠᠨ᠎ᠠ

ᠳᠠᠷᠠ ᠰᠢᠷᠡᠭᠡᠨ ᠳᠤ

ᠡᠴᠢᠭᠡ ᠭᠦᠤ ᠬᠠᠮᠳᠤ ᠰᠠᠭᠤᠭᠰᠠᠨ ᠴᠤ

ᠠᠳᠠ ᠲᠡᠶ ᠱᠥᠭᠯᠡᠨ᠎ᠡ


       ᠨᠠᠢ᠌ᠷ ᠤᠨ ᠰᠢᠷᠡᠭᠡ


ᠨᠠᠢ᠌ᠷ ᠤᠨ ᠰᠢᠷᠡᠭᠡ

ᠨᠠᠢ᠌ᠷ ᠦᠭᠡᠶ ᠵᠠᠰᠠᠭᠳᠠᠨ᠎ᠠ

ᠨᠢᠮᠭᠡᠨ ᠭᠦᠷᠦᠩᠭᠡᠳᠡᠳ

ᠨᠢᠳᠤ ᠦᠭᠡᠶ 《ᠵᠠᠢ᠌ᠯᠠᠭᠰᠠᠨ》 ᠴᠢᠨᠢ

ᠨᠠᠠᠳᠢᠨ ᠨᠥᠭᠦᠷᠯᠡᠯ

ᠨᠠᠢ᠌ᠷᠠᠭ ᠡᠴᠡ ᠪᠠᠰᠠ ᠭᠢᠮᠳᠠᠷᠠᠪᠠ


      ᠪᠦᠵᠢᠭ᠌ ᠤᠨ ᠳᠠᠩᠭᠢᠮ


ᠪᠦᠵᠢᠭ᠌ ᠤᠨ ᠳᠠᠩᠭᠢᠮ ᠳᠤ

ᠵᠠᠯᠠᠭᠤᠴᠤᠳ ᠰᠤᠯᠢᠶᠠᠷᠠᠳᠠᠯ᠎ᠠ ᠪᠦᠵᠢᠭᠯᠡᠨ᠎ᠡ

ᠪᠦᠳᠡᠭᠡᠢ ᠭᠡᠷᠡᠯ ᠳᠤ

ᠪᠦᠵᠢᠭᠯᠡᠭᠦ ᠨᠠᠷ᠎ᠠ ᠪᠠᠷ

ᠪᠠᠮᠪᠠᠢ ᠪᠣᠯᠭᠠᠭᠰᠠᠨ

ᠬᠤᠷᠤᠬᠠᠢ ᠲᠡᠶ ᠭᠠᠷ ᠤᠳ

ᠪᠠᠢ᠌ᠷᠢ ᠪᠠᠨ ᠠᠯᠳᠠᠨ᠎ᠠ

ᠬᠤᠪᠳᠤᠭ ᠰᠢᠨᠤᠯ ᠤᠳ

ᠨᠢᠭᠤᠴᠠᠭᠠᠢ ᠳᠦᠷᠠᠯᠵᠠᠨ᠎ᠠ


      ᠠᠮᠢᠳᠤᠷᠠᠬᠤᠢ ᠶᠢᠨ ᠣᠷᠤᠨ ᠵᠠᠢ


ᠠᠮᠢᠳᠤᠷᠠᠯ ᠤᠨ ᠴᠠᠭᠠᠨ᠎ᠠ

ᠥᠭᠦᠯ ᠳᠠᠢ᠌ᠪᠣᠭᠤᠬᠠᠨ ᠨᠣᠢ᠌ᠷᠰᠤᠨ᠎ᠠ

ᠳᠠᠭᠤᠳᠠᠵᠤ ᠪᠢᠳᠡᠭᠡᠢ ᠰᠡᠷᠢᠭᠡᠭᠡᠴᠢ

ᠥᠭᠦᠯ ᠤᠨ ᠨᠠᠭᠠᠨ᠎ᠠ

ᠠᠮᠢᠳᠤᠷᠠᠯ ᠬᠠᠯᠠ ᠲᠡᠶ ᠦᠷᠭᠦᠯᠵᠢᠯᠡᠨ᠎ᠡ

ᠳᠡᠩᠳᠡᠭᠦᠤ ᠪᠢᠳᠡᠭᠡᠢ ᠴᠥᠭᠦᠷᠡᠭᠡᠴᠢ

ᠠᠮᠢᠳᠤᠷᠠᠯ ᠤᠨ ᠣᠬᠤᠷᠬᠠᠨ ᠵᠠᠢ ᠪᠠᠨ

ᠣᠴᠢᠷᠳᠠᠢ ᠣᠢ᠌ᠯᠠᠰ ᠲᠤ ᠪᠠᠨ ᠵᠤᠷᠢᠭᠤᠯᠤᠭᠠᠴᠢ

ᠦᠪᠡᠷ ᠤᠨ ᠭᠡᠰᠡᠨ ᠳᠡᠦᠭᠡᠨ ᠳᠤ ᠪᠠᠨ

ᠣᠯᠠ ᠮᠦᠷ ᠶᠢᠡᠨ ᠥᠯᠡᠳᠡᠭᠡᠴᠢ

ᠣᠩᠭ᠋ᠤᠨ ᠳᠠᠷᠬᠠᠨ ᠪᠠᠢ᠌ᠭᠠᠯᠢ ᠪᠠᠨ

ᠦᠷ᠎ᠡ ᠬᠣᠢ᠌ᠴᠢᠰ ᠲᠤ ᠪᠠᠨ ᠦᠭ‍ᠭᠦᠭᠡᠴᠢ

ᠣᠤᠭᠠᠯ ᠪᠣᠰᠤᠭ᠎ᠠ ᠰᠤᠶᠤᠯ ᠶᠢᠡᠨ

ᠢᠷᠡᠭᠡᠳᠦᠢ ᠮᠠᠷᠭᠠᠰᠢ ᠳᠤ ᠪᠠᠨ ᠥᠪᠯᠡᠭᠡᠴᠢ


        ᠠᠯᠪᠠᠨ ᠰᠢᠷᠡᠭᠡ


ᠠᠯᠪᠠᠨ ᠰᠢᠷᠡᠭᠡᠨ ᠳᠤ

ᠠᠮᠢᠳᠤᠷᠠᠯ ᠤᠨ ᠵᠤᠭᠤᠭ ᠳᠡᠯᠭᠡᠭ᠍ᠳᠡᠨ᠎ᠡ

ᠠᠯᠪᠠᠨ ᠶᠠᠪᠣᠳᠠᠯ ᠶᠢᠡᠷ

ᠠᠰ ᠤᠨ ᠣᠴᠢᠷ ᠶᠢᠡᠨ ᠰᠢ᠌ᠤᠠᠪᠣᠷᠢᠯᠠᠨ᠎ᠠ

ᠠᠭᠠᠭ ᠲᠡᠶ ᠳᠤᠰᠤ ᠲᠡᠶ ᠠᠶᠠᠨ ᠳᠤ

ᠠᠮᠢᠨ ᠳᠤ ᠪᠠᠨ ᠵᠦᠪ ᠦᠭᠡᠶ

ᠠᠪᠣ ᠶᠢᠨ ᠬᠡᠦᠬᠡᠳ ᠯᠠ ᠵᠢᠳᠭᠦᠨ᠎ᠡ ᠡ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ