☆ ᠷ·ᠨᠡᠷᠡᠨᠳᠡᠭᠦᠰ
ᠪᠣᠯᠵᠤᠭ᠎ᠠ ᠴᠠᠷᠴᠠᠬᠤ ᠦᠳᠡᠰᠢ
ᠪᠣᠯᠵᠤᠭ᠎ᠠ ᠴᠠᠷᠴᠠᠬᠤ ᠦᠳᠡᠰᠢ
ᠪᠣᠳᠤᠯ ᠢ ᠮᠢᠨᠢ ᠠᠷᠭᠠᠳᠠᠬᠤ ᠭᠡᠵᠤ
ᠶᠠᠭᠤᠮ᠎ᠠ ᠪᠦᠭᠦᠨ ᠣᠶᠠᠷᠠᠨ᠎ᠠ
ᠰᠠᠯᠭᠢ ᠦᠨᠦᠰᠤᠨ ᠴᠡᠴᠡᠭᠡᠨᠡᠳᠡᠭ᠌
ᠰᠠᠷᠭᠠᠢ ᠳᠠᠯᠪᠢ ᠪᠠᠷ ᠶᠢᠡᠨ ᠣᠶᠠᠷᠠᠨ᠎ᠠ
ᠰᠠᠢ᠌ᠬᠠᠨ ᠪᠦᠭᠦᠨ ᠶᠢᠡᠷ ᠶᠢᠡᠨ ᠠᠷᠭᠠᠳᠠᠳᠠᠭ
ᠰᠠᠷ᠎ᠠ ᠠᠭᠠᠯᠢ ᠪᠠᠷ ᠶᠢᠡᠨ ᠣᠶᠠᠷᠠᠨ᠎ᠠ
ᠨᠠᠷᠠᠨ ᠪᠠᠢ᠌ᠭᠠᠯᠢ
᠊᠊᠊᠊᠊᠊᠊᠊᠊᠊᠊᠊᠊᠊᠊ ᠵᠤᠰᠠᠭᠠᠯ ᠤᠨ ᠳᠠᠠᠵᠢ
ᠨᠠᠪᠴᠢ ᠪᠠᠨ ᠳᠠᠷᠠᠯᠠᠵᠤ ᠣᠶᠠᠷᠠᠨ᠎ᠠ
ᠨᠠᠮᠤᠷ ᠤᠨ ᠤᠢ᠌ᠳᠬᠠᠷ
᠊᠊᠊᠊᠊᠊᠊᠊᠊᠊᠊᠊᠊᠊᠊ ᠨᠠᠭᠤᠷ ᠤᠨ ᠣᠰᠤ
ᠴᠡᠭᠡᠯ ᠶᠢᠡᠨ ᠬᠠᠷᠠᠵᠤ ᠣᠶᠠᠷᠠᠨ᠎ᠠ
ᠰᠠᠢ᠌ᠬᠠᠨ ᠠᠭᠤᠯᠵᠠᠬᠤ ᠶᠢᠨ
ᠢᠳᠡᠭᠡᠯ ᠶᠢᠡᠷ ᠠᠷᠭᠠᠳᠠᠵᠤ
ᠰᠠᠯᠭᠢᠨ ᠤ ᠥᠵᠦᠭᠦᠷ
ᠭᠡᠢ᠌ᠰᠴᠤ ᠣᠶᠠᠷᠠᠨ᠎ᠠ
ᠰᠠᠷᠠᠨ ᠤ ᠴᠠᠭᠠᠨ
ᠠᠮᠢᠰᠬᠤᠭ᠎ᠠ ᠵᠠᠢ᠌ᠮᠤᠭᠤᠯᠵᠤ
ᠰᠠᠢ᠌ᠷᠠᠮ ᠤᠨ ᠪᠦᠷᠢᠳᠤ ᠶᠢᠨ
ᠣᠰᠤ ᠣᠶᠠᠷᠠᠨ᠎ᠠ
ᠬᠠᠯᠠᠭᠤᠬᠠᠨ ᠠᠮᠢᠰᠬᠤᠯᠠᠬᠤ
ᠠᠭᠤᠯᠠᠰ ᠤᠨ ᠵᠠᠢ ᠳᠤ
ᠭᠠᠵᠠᠷ ᠤᠨ ᠳᠤᠯᠠᠭᠠᠨ
ᠴᠢᠯᠠᠭᠤ ᠣᠶᠠᠷᠠᠨ᠎ᠠ
ᠬᠠᠨᠢ ᠶᠢᠨ ᠵᠠᠶᠠᠭ᠎ᠠ
ᠪᠣᠳᠤᠯ ᠳᠦᠰᠢᠭ᠍ᠰᠡᠨ
ᠭᠠᠯᠪᠠ ᠶᠢᠨ ᠪᠣᠭᠤᠷᠤᠯ
ᠠᠭᠤᠯᠠᠰ ᠣᠶᠠᠷᠠᠨ᠎ᠠ
ᠢᠩᠭᠢᠨ ᠪᠣᠢ᠌ᠯᠠᠭ᠎ᠠ ᠰᠢᠭ ᠣᠶᠠᠩᠭ᠋ᠠᠨ ᠭᠤᠷᠤᠬ᠎ᠠ
ᠡᠷᠭᠢ ᠶᠢᠨ ᠭᠡᠳᠤᠨ ᠴᠢᠯᠠᠭᠤ ᠪᠠᠨ ᠣᠭᠢᠯᠠᠭᠤᠯᠵᠤ
ᠡᠭᠡ ᠭᠦᠮᠤᠨ ᠤ ᠨᠢᠳᠤ ᠰᠢᠭ᠌ ᠣᠶᠠᠷᠠᠨ᠎ᠠ
ᠢᠷᠡᠭᠦ ᠡᠳᠦᠷ ᠤᠨ ᠰᠡᠷᠢᠭᠦ ᠳᠤᠯᠤᠩ
ᠮᠦᠩᠭᠦᠨ ᠴᠠᠭᠠᠨ ᠦᠷ ᠶᠢᠡᠷ ᠠᠷᠭᠠᠳᠠᠵᠤ
ᠮᠦᠷᠦᠭᠡᠳᠦᠯ ᠭᠦᠡᠳᠦᠭᠡᠨ ᠪᠦᠷᠦᠢ ᠣᠶᠠᠷᠠᠨ᠎ᠠ
ᠣᠳᠤᠳ ᠤᠨ ᠮᠦᠩᠭᠦᠨ
ᠰᠢᠭᠦᠳᠡᠷᠢ ᠰᠠᠮᠨᠠᠵᠤ
ᠣᠨᠤᠭᠰᠠᠨ ᠮᠤᠷᠢᠨ ᠤ ᠮᠢᠨᠢ
ᠳᠠᠯ ᠣᠶᠠᠷᠠᠨ᠎ᠠ
ᠣᠰᠤ ᠰᠠᠨᠠᠭᠰᠠᠨ
ᠡᠷᠭᠢ ᠰᠢᠭ᠌ ᠵᠢᠳᠭᠦᠵᠤ
ᠣᠴᠠᠷᠠᠭᠠᠳᠤᠢ ᠢᠨᠠᠭ ᠤ ᠮᠢᠨᠢ
ᠣᠷᠤᠭᠤᠯ ᠣᠶᠠᠷᠠᠨ᠎ᠠ
ᠭᠡᠯᠡᠭᠡᠳᠦᠢ ᠥᠭᠡ ᠮᠢᠨᠢ
ᠭᠡᠯᠡᠨ ᠥᠵᠦᠭᠦᠷ ᠢ
ᠴᠡᠮᠴᠡᠭᠡᠨᠡᠭᠦᠯᠵᠤ ᠣᠶᠠᠷᠠᠨ᠎ᠠ
ᠢᠷᠡᠭᠡᠳᠦᠢ ᠵᠢᠷᠭᠠᠯ ᠮᠢᠨᠢ
ᠮᠦᠷᠦᠭᠡᠳᠦᠯ ᠶᠢᠡᠷ ᠴᠠᠯᠭᠢᠵᠤ
ᠢᠵᠢᠯᠭᠡᠨ ᠬᠤᠩᠭ᠋ᠤᠷ
ᠭᠤᠨᠢᠭ ᠶᠢᠡᠷ ᠣᠶᠠᠷᠠᠨ᠎ᠠ
ᠪᠣᠳᠤᠭᠤᠨ ᠨᠢᠳᠤ ᠰᠢᠭ᠌
ᠬᠠᠢ᠌ᠷ᠎ᠠ ᠪᠠᠷ ᠪᠣᠢ᠌ᠯᠠᠵᠤ
ᠪᠦᠰᠡᠭᠦᠢ ᠵᠠᠶᠠᠭ᠎ᠠ
ᠭᠤᠮᠤᠳᠠᠵᠤ ᠣᠶᠠᠷᠠᠨ᠎ᠠ
ᠪᠣᠳᠤᠯ ᠤᠨ ᠰᠡᠵᠢᠭᠦᠷ ᠲᠤ
ᠳᠠᠭᠤᠯᠠᠭᠰᠠᠨ ᠳᠠᠭᠤᠤ ᠰᠢᠭ
ᠪᠣᠯᠪᠠᠷᠠᠢ᠌ᠬᠠᠨ ᠵᠢᠷᠦᠭᠡ
ᠡᠮᠳᠡᠷᠡᠵᠤ ᠣᠶᠠᠷᠠᠨ᠎ᠠ
1991 . 2 .1
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠶᠡᠭᠡᠡᠦᠰᠤ ᠰᠤᠮᠤ
ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2682
ᠴᠠᠭ᠄ 2012 ᠤᠨ ᠤ 02 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ