☆ ᠪᠠ᠊·ᠤᠶᠤᠨᠴᠡᠴᠡᠭ᠌
ᠬᠠᠶᠢᠭ ᠳᠦᠭᠡᠷᠢᠭ᠍ᠰᠡᠨ ᠵᠠᠭᠢᠳᠠᠯ
ᠰᠠᠢ᠌ᠬᠠᠨ ᠵᠠᠭᠢᠳᠠᠯ ᠢ ᠴᠢᠨᠢ
ᠪᠢ ᠳᠤᠰᠤᠭ᠎ᠠ ᠥᠭᠡᠢ
ᠬᠠᠯᠠᠭᠤᠬᠠᠨ ᠴᠡᠭᠡᠵᠢᠨ ᠳ᠋ᠡᠭᠡᠨ
ᠶᠠᠭᠤ ᠰᠠᠨᠠᠵᠤ
ᠬᠤᠯᠠ ᠡᠴᠡ ᠵᠠᠭᠢᠳᠠᠯ ᠢᠯᠡᠭᠡᠭ᠍ᠰᠡᠨ ᠪᠣᠯ︖
ᠴᠠᠭᠠᠨ ᠴᠠᠭᠠᠰᠤᠨ ᠳᠡᠭᠡᠷ᠎ᠡ
ᠶᠠᠭᠤ ᠰᠢᠩᠭᠡᠭᠡᠵᠤ
ᠬᠠᠷᠢᠭᠤ ᠦᠭᠡᠶ ᠵᠠᠭᠢᠶ᠎ᠠ ᠢᠯᠡᠭᠡᠭ᠍ᠰᠡᠨ ᠪᠣᠯ︖
ᠳᠤᠭᠤᠢ ᠰᠠᠭᠤᠭᠰᠠᠨ ᠨᠠᠮ᠎ᠠ ᠵᠢ
ᠳᠤᠷᠠᠯᠠᠯ ᠤᠨ ᠬᠠᠷᠠᠴᠠ ᠪᠠᠷ ᠰᠢᠷᠳᠠᠵᠤ
ᠣᠷᠤᠭᠤᠯ ᠶᠢᠡᠨ ᠥᠩᠭᠡᠯᠡᠭ᠍ᠰᠡᠨ ᠪᠣᠳᠤᠭ ᠢ ᠮᠢᠨᠢ ᠭᠦᠷᠳᠡᠯ᠎ᠡ
ᠨᠢᠭᠤᠴᠠᠬᠠᠨ ᠨᠢᠭᠤᠴᠠᠬᠠᠨ ᠠᠩᠬᠠᠷᠴᠤ
ᠦᠪᠡᠷ ᠶᠢᠡᠨ ᠴᠤ ᠮᠡᠳᠡᠭᠡ ᠥᠭᠡᠢ
ᠭᠦᠳᠡᠯᠦᠯ ᠪᠣᠯᠭᠠᠨ ᠢ ᠮᠢᠨᠢ ᠰᠠᠷᠠᠵᠤ
ᠪᠠᠶ᠎ᠠ ᠡᠴᠡ ᠪᠠᠨ ᠵᠤᠪᠠᠰᠭᠢᠨ ᠰᠠᠭᠤᠭᠰᠠᠨ
ᠥᠯᠢᠭᠡᠷ ᠤᠨ ᠶᠤᠮᠰᠢᠭ ᠳᠤᠭᠳᠤᠯᠤᠯ ᠵᠢᠠᠨ
ᠪᠠᠭᠯᠠᠵᠤ ᠨᠠᠰᠢ ᠢᠯᠡᠭᠡᠭ᠍ᠰᠡᠨ ᠪᠣᠯ ᠦᠦ︖
ᠬᠠᠨᠢ ᠶᠢᠨ ᠵᠢᠷᠭᠠᠯ ᠳᠤ ᠰᠤᠭᠳᠤᠭᠤᠷᠠᠵᠤ
ᠬᠠᠨ ᠭᠦᠤ ᠰᠢᠭ᠌ ᠵᠢᠷᠭᠠᠬᠤ ᠳ᠋ᠠᠭᠠᠨ
ᠵᠢᠷᠭᠠᠯ ᠭᠦᠰᠡᠯ ᠤᠨ ᠵᠠᠪᠰᠠᠷ ᠵᠢᠠᠷ
ᠳᠠᠯ᠎ᠠ ᠳᠠᠭᠠᠨ ᠳᠠᠪᠭᠢᠳᠠᠭ ᠬᠤᠯᠠᠨ ᠰᠢᠭ
ᠳᠠᠩᠭᠢᠯ ᠭᠦᠰᠡᠯ ᠳᠡᠭᠡᠨ ᠭᠦᠳᠦᠯᠦᠭ᠍ᠳᠡᠭ᠍ᠰᠡᠨ
ᠴᠢᠮ᠎ᠠ ᠶᠢ ᠳᠠᠨᠢᠭ᠎ᠠ ᠦᠭᠡᠶ ᠨᠠᠮ᠎ᠠ ᠵᠢ
ᠬᠠᠶᠠ ᠬᠠᠶᠠ ᠳᠤᠷᠠᠰᠳᠠᠭ ᠵᠢᠠᠨ
ᠬᠠᠶᠢᠭᠯᠠᠵᠤ ᠢᠯᠡᠭᠡᠭ᠍ᠰᠡᠨ ᠴᠤ ᠪᠣᠯ ᠦᠦ︖
ᠭᠡᠭᠡᠷ᠎ᠡ ᠶᠢᠨ ᠰᠠᠯᠭᠢᠨ ᠤ ᠥᠭᠦᠭᠦᠷᠳᠡᠯ ᠳ᠋ᠤ
ᠨᠠᠢ᠌ᠭᠤᠨ ᠭᠠᠩᠬᠤᠬᠤ ᠡᠪᠠᠰᠤᠨ ᠨᠠᠮᠠᠭ᠎ᠠ
ᠬᠤᠷᠢᠨ ᠨᠠᠰᠤᠨ ᠤ ᠵᠠᠭᠢᠶ᠎ᠠ ᠣᠩᠰᠢᠵᠤ
ᠣᠶᠠᠷᠠᠰᠭᠢᠨ ᠭᠠᠩᠬᠤᠵᠤ
ᠣᠭᠢᠯᠠᠰᠭᠢᠨ ᠳᠤᠭᠳᠤᠯᠵᠤ
ᠳᠠᠯ᠎ᠠ ᠳ᠋ᠠᠭᠠᠨ
ᠭᠦᠷᠦᠰᠤᠨ ᠳ᠋ᠡᠭᠡᠨ
ᠴᠤᠤᠷᠢᠶ᠎ᠠ ᠳᠠᠮᠵᠢᠭᠤᠯᠵᠤ
ᠨᠠᠰᠤᠨ ᠤ ᠮᠥᠩᠭᠡ ᠥᠯᠢᠭᠡᠷ ᠳᠠᠢ
ᠮᠥᠩᠭᠡᠯᠡᠵᠤ ᠳᠠᠯᠪᠢᠵᠠᠢ
ᠳᠠᠷᠠ ᠰᠠᠢ᠌ᠬᠠᠨ ᠵᠠᠭᠢᠶ᠎ᠠ ᠶᠢ᠃
ᠵᠤᠬᠢᠶᠠᠭᠴᠢ᠄ ᠪᠠ᠊·ᠤᠶᠤᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2844
ᠴᠠᠭ᠄ 2009 ᠤᠨ ᠤ 08 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ