ᠨᠡᠪᠲᠡᠷᠡᠨ ᠤᠷᠤᠬᠤ
ᠠᠭᠤᠯᠠ ᠬᠠᠢ᠌ᠯᠤᠭᠤᠯᠤᠭᠰᠠᠨ ᠪᠣᠳᠤᠭᠳᠠᠨ᠎ᠠ

ᠠᠭᠤᠳᠠᠮ ᠪᠠᠶᠠᠨ ᠳᠠᠯ᠎ᠠ ᠪᠠᠨ ᠠᠭᠤᠯᠠ ᠮᠠᠴᠤᠵᠤ ᠬᠠᠷᠠᠬᠤ ᠳ᠋ᠤ

ᠠᠭᠤᠵᠢᠮ ᠡᠳ᠋ᠯᠡᠭᠦ ᠶᠢ ᠰᠠᠨᠠᠵᠤ ᠠᠭᠤᠯᠠ ᠬᠠᠢ᠌ᠯᠤᠭᠤᠯᠤᠭᠰᠠᠨ ᠪᠣᠳᠤᠭᠳᠠᠨ᠎ᠠ

ᠰᠢᠭᠤᠢ ᠪᠠᠨ ᠠᠯᠳᠠᠭᠰᠠᠨ ᠠᠭᠤᠯᠠ ᠣᠨᠢᠶᠠᠷ ᠤᠨ ᠳᠤᠮᠳᠠ ᠪᠠᠨ ᠮᠡᠭ᠍ᠰᠢᠭᠡᠳ

ᠱᠤᠤᠭᠢᠬᠤ ᠣᠰᠤ ᠪᠠᠨ ᠡᠷᠢᠵᠤ ᠬᠠᠢ᠌ᠷ ᠨᠢ ᠨᠢᠴᠦᠭᠦᠨ ᠭᠦᠶ‍ᠦᠯᠳᠦᠨ᠎ᠡ

ᠰᠠᠢ᠌ᠷ ᠲᠤ ᠳᠠᠷᠤᠭᠳᠠᠭᠰᠠᠨ ᠭᠦᠡᠳᠡᠢ ᠰᠠᠯᠭᠢ ᠦᠵᠡᠪᠠᠯ ᠣᠤᠭᠢᠭᠠᠤᠨ

ᠵᠠᠢ᠌ᠷ ᠢ ᠨᠢ ᠭᠦᠷᠳᠡᠯ᠎ᠡ ᠬᠠᠢ᠌ᠯᠤᠭᠤᠯᠤᠮᠠᠷ ᠴᠠᠭᠠᠨ ᠳᠣᠢ᠌ᠮᠠᠷ ᠦᠷᠪᠢᠰᠤᠨ᠎ᠠ

ᠬᠤᠨᠢᠨ ᠤ ᠪᠣᠷᠤ ᠥᠯᠪᠠᠷᠭᠦ ᠳᠡᠭᠡᠨ ᠰᠤᠨᠢᠨ ᠤ ᠴᠠᠭᠠᠰᠤ ᠡᠮᠭᠦᠯᠡᠵᠤ

ᠬᠤᠳᠠᠨ ᠤ ᠳᠤᠭᠤᠯ ᠤᠳ ᠦᠯᠢᠯᠵᠠᠨ ᠬᠠᠳᠠᠨ ᠤ ᠰᠢᠪᠠᠭ ᠰᠢᠮᠠᠨ᠎ᠠ

ᠠᠰᠢᠭ ᠤᠨ ᠨᠢᠳᠤᠨ ᠳᠤ ᠣᠨᠠᠭᠰᠠᠨ ᠠᠯᠳᠠ ᠡᠴᠡ ᠦᠨᠡᠳᠠᠢ ᠣᠷᠤᠨ ᠮᠢᠨᠢ

ᠠᠠᠵᠢᠰᠤᠨ ᠬᠤᠰᠢᠭᠤ ᠳᠠᠭᠠᠵᠤ ᠡᠯᠡᠰᠤ ᠪᠠᠷ ᠣᠷᠪᠠᠵᠤ ᠡᠯᠥᠷᠡᠨ᠎ᠡ

ᠠᠯᠢᠰᠤ ᠲᠡᠶ ᠰᠠᠢ᠌ᠬᠠᠨ ᠨᠤᠳᠤᠭ ᠤᠨ ᠵᠢᠯᠤᠭᠤ ᠶᠢ ᠠᠳᠬᠤᠭᠤᠯᠵᠤ ᠣᠳᠤᠭᠰᠠᠨ

ᠠᠷᠠᠰᠤᠨ ᠳᠠᠪᠠᠯ ᠲᠡᠶ ᠡᠪᠦᠭᠡᠳ ᠤᠨ ᠶᠠᠰᠤ ᠨᠢ ᠬᠠᠪᠳᠠᠯᠵᠠᠵᠤ ᠣᠢ᠌ᠷᠠᠨ᠎ᠠ

ᠠᠭᠤᠳᠠᠮ ᠪᠠᠶᠠᠨ ᠳᠠᠯ᠎ᠠ ᠪᠠᠨ ᠠᠭᠤᠯᠠ ᠮᠠᠴᠤᠵᠤ ᠬᠠᠷᠠᠬᠤ ᠳᠤ

ᠠᠭᠤᠵᠢᠮ ᠡᠳ᠋ᠯᠡᠭᠦ ᠶᠢ ᠰᠠᠨᠠᠵᠤ ᠠᠭᠤᠯᠠ ᠬᠠᠢ᠌ᠯᠤᠭᠤᠯᠤᠭᠰᠠᠨ ᠪᠣᠳᠤᠭᠳᠠᠨ᠎ᠠ


(ᠭᠡᠷᠴᠢᠯᠡᠭᠤ ᠰᠢᠯᠦᠭ᠌ ᠤᠨ ᠳᠡᠭᠦᠪᠦᠷᠢ)


ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2818
ᠴᠠᠭ᠄ 2009 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ