☆ ᠳᠤᠪᠯᠨ
ᠮᠠᠯᠴᠢᠨ ᠭᠦᠮᠤᠨ
ᠳᠡᠭ᠍ᠷᠢ ᠶᠢᠨ ᠳᠤᠤᠷᠠᠭᠢ
ᠬᠠᠮᠤᠭ ᠠᠩᠬᠠᠨ ᠤ ᠭᠢᠴᠢᠶᠠᠯ
ᠳᠡᠯᠡᠭᠡᠢ ᠳᠡᠭᠡᠷᠡᠭᠢ
ᠬᠠᠨ᠎ᠠ ᠪᠦᠳᠤᠨ ᠥᠯᠦᠭᠡᠢ —
ᠮᠠᠯᠴᠢᠨ ᠪᠠᠢ᠌ᠯ᠎ᠠ
ᠨᠠᠷᠠᠨ ᠳᠤᠤᠷᠠᠭᠢ
ᠨᠤᠭᠤᠷᠠᠳᠠᠭ ᠦᠭᠡᠶ ᠡᠪᠦᠳᠦᠭ᠌
ᠰᠠᠷᠠᠨ ᠳᠤᠤᠷᠠᠭᠢ
ᠰᠠᠠᠴᠢᠭ ᠭᠦᠯᠦᠰᠦᠳᠡᠢ ᠶᠠᠳᠠᠷᠠᠯ —
ᠮᠠᠯᠴᠢᠨ ᠭᠦᠮᠤᠨ ᠪᠠᠢ᠌ᠯ᠎ᠠ
ᠴᠡᠩᠭᠡᠷᠭᠡᠨ ᠨᠤᠳᠤᠭ ᠤᠨ ᠶᠢᠡᠨ
ᠴᠡᠷᠢᠭ᠌ ᠬᠠᠮᠠᠭᠠᠯᠠᠭᠴᠢ
ᠴᠠᠭᠠᠨ ᠰᠥᠷᠦᠭ᠌ ᠤᠨ ᠶᠢᠡᠨ
ᠴᠠᠭᠳᠠᠭᠠᠴᠢ ᠮᠠᠨᠠᠭᠤᠯ —
ᠮᠠᠯᠴᠢᠨ ᠭᠦᠮᠤᠨ ᠪᠠᠢ᠌ᠯ᠎ᠠ
ᠭᠠᠷᠴᠠᠭ ᠦᠭᠡᠶ ᠷᠤᠮᠠᠨ ᠤ
ᠨᠠᠷᠠ ᠦᠭᠡᠶ ᠵᠤᠬᠢᠶᠠᠭᠴᠢ
ᠬᠠᠶᠢᠭ ᠦᠭᠡᠶ ᠳᠡᠨᠦᠭᠦᠯᠴᠢᠨ ᠤ
ᠰᠠᠭᠤᠷᠢ ᠦᠭᠡᠶ ᠠᠶᠠᠯᠠᠯ —
ᠮᠠᠯᠴᠢᠨ ᠭᠦᠮᠤᠨ ᠪᠠᠢ᠌ᠯ᠎ᠠ
ᠭᠠᠮᠰᠢᠭ ᠭᠠᠢ᠌ᠯᠢ ᠶᠢᠨ ᠳᠤᠬᠠᠢ
ᠭᠠᠰᠠᠯᠠᠩᠳᠠᠢ ᠬᠠᠰᠭᠢᠷᠤᠯ
ᠨᠤᠳᠤᠭ ᠪᠠᠯᠴᠢᠭᠡᠷ ᠤᠨ ᠳᠤᠬᠠᠢ
ᠨᠢᠯᠪᠣᠰᠤᠳᠠᠢ ᠭᠡᠷᠡᠭᠦᠯᠴᠢᠨ —
ᠮᠠᠯᠴᠢᠨ ᠭᠦᠮᠤᠨ ᠪᠠᠢ᠌ᠯ᠎ᠠ
ᠰᠥᠷᠦᠭ᠌ ᠶᠢᠡᠨ ᠪᠤᠷᠪᠢᠳᠡᠨ ᠨᠠᠰᠤᠵᠢᠭᠰᠠᠨ
ᠬᠠᠭᠠᠷᠬᠠᠢ ᠭᠤᠳᠤᠯ ᠲᠡᠶ ᠠᠪᠣ
ᠰᠠᠭᠠᠯᠢ ᠳᠠᠭᠠᠨ ᠶᠠᠭᠠᠷᠠᠨ ᠥᠳᠡᠯᠦᠭ᠍ᠰᠡᠨ
ᠬᠤᠷᠮᠤᠢ ᠳᠤᠰᠤᠳᠠᠢ ᠡᠵᠢ —
ᠮᠠᠯᠴᠢᠨ ᠭᠦᠮᠤᠨ ᠪᠠᠢ᠌ᠯ᠎ᠠ
ᠠᠷᠪᠠᠨ ᠭᠤᠷᠪᠠᠳᠤᠭᠠᠷ ᠵᠠᠭᠤᠨ ᠤ
ᠡᠴᠦᠰ ᠤᠨ ᠭᠠᠭᠴᠠ ᠥᠷᠭᠦᠯᠵᠢᠯᠡᠯ
ᠬᠤᠷᠢᠨ ᠨᠢᠭᠡᠳᠦᠭᠡᠷ ᠵᠠᠭᠤᠨ ᠳᠤ
ᠬᠤᠳᠠ ᠣᠷᠤᠭᠤ ᠨᠡᠭᠦᠳᠡᠯᠯᠡᠭ᠍ᠰᠡᠨ
ᠬᠤᠷᠢᠭ ᠮᠤᠬᠤᠷᠳᠠᠯ —
ᠮᠠᠯᠴᠢᠨ ᠭᠦᠮᠤᠨ ᠪᠠᠢ᠌ᠯ᠎ᠠ
ᠬᠤᠪᠳᠤᠭ ᠰᠢᠨᠤᠬᠠᠢ᠌ᠴᠢᠳ ᠲᠤ
ᠬᠤᠭᠤᠰᠤᠷᠠᠳᠠᠯ᠎ᠠ ᠪᠠᠨ ᠮᠡᠭᠡᠯᠡᠭ᠍ᠳᠡᠭ᠍ᠰᠡᠨ
ᠦᠨᠳᠦᠷ ᠭᠦᠤ ᠲᠡᠶ ᠵᠢᠭᠡᠯᠡᠯᠭᠡ ᠪᠣᠶᠤ
ᠰᠤᠶᠤᠯ ᠤᠨ ᠪᠠᠯᠠᠢ —
ᠮᠠᠯᠴᠢᠨ ᠭᠦᠮᠤᠨ ᠪᠠᠢ᠌ᠯ᠎ᠠ
ᠣᠯᠤᠭᠰᠠᠨ ᠶᠢᠡᠨ ᠣᠷᠤᠰᠬᠠᠵᠤ
ᠬᠤᠷᠠᠮᠳᠤᠭᠤᠯᠤᠭᠰᠠᠨ ᠶᠢᠡᠨ ᠬᠤᠭᠤᠰᠤᠷᠠᠭᠤᠯᠵᠤ
ᠠᠷᠭᠢᠳᠠᠭᠰᠠᠭᠠᠷ ᠪᠣᠶᠤ ᠮᠠᠵᠢᠶᠠᠩᠳᠠᠭᠰᠠᠭᠠᠷ
ᠡᠴᠦᠰ ᠲᠡᠭᠡᠨ ᠣᠷᠤᠭ ᠰᠠᠯᠤᠭᠰᠠᠨ
ᠵᠠᠯᠠᠭᠤ ᠭᠡᠷ ᠪᠦᠯᠢ —
ᠮᠠᠯᠴᠢᠨ ᠭᠦᠮᠤᠨ ᠪᠠᠢ᠌ᠯ᠎ᠠ
ᠳᠡᠨᠦᠭᠦᠯ ᠶᠠᠪᠠᠭᠠᠨ ᠭᠦᠯᠦᠰᠦᠴᠢᠨ ᠪᠣᠶᠤ
ᠬᠣᠢ᠌ᠬᠤᠷ ᠬᠤᠯᠵᠢᠨ ᠠᠷᠠᠯᠵᠢᠶᠠᠴᠢᠨ ᠢ
ᠨᠢᠴᠦᠭᠦᠨ ᠬᠤᠭᠤᠰᠤᠨ ᠳᠠᠭᠠᠵᠤ
ᠪᠠᠯᠴᠢᠷ ᠵᠢᠭᠠᠬᠠᠨ ᠨᠠᠰᠤᠨ ᠳᠠᠭᠠᠨ
ᠪᠢᠴᠢᠬᠠᠨ ᠳᠡᠪᠠᠷᠢᠭ᠍ᠰᠡᠨ ᠭᠡᠦᠭᠡᠨ —
ᠮᠠᠯᠴᠢᠨ ᠭᠦᠮᠤᠨ ᠪᠠᠢ᠌ᠯ᠎ᠠ
ᠰᠢᠨ᠎ᠠ ᠵᠠᠭᠤᠨ ᠤ
ᠬᠠᠭᠤᠴᠢᠨ ᠪᠣᠭᠤᠯ
ᠰᠢᠡᠵᠢᠯᠡᠭᠦ ᠣᠬᠠᠭᠠᠨ ᠤ
ᠢᠴᠢᠮᠡᠳᠡᠭᠡᠢ ᠪᠠᠷᠢ —
ᠮᠠᠯᠴᠢᠨ ᠭᠦᠮᠤᠨ ᠪᠠᠢ᠌ᠯ᠎ᠠ᠃
ᠵᠤᠬᠢᠶᠠᠭᠴᠢ᠄ ᠳᠤᠪᠯᠨ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3257
ᠴᠠᠭ᠄ 2006 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ