☆ ᠰᠣ᠊·ᠦᠨᠡᠠᠴᠢ
ᠠᠶᠠᠠᠴᠢᠨ
ᠰᠡᠮᠡᠷᠭᠡᠢ ᠪᠣᠳᠤᠯ ᠳᠠᠭᠠᠨ ᠴᠢᠷᠦᠭ᠍ᠳᠡᠵᠤ
ᠰᠦᠨᠢ ᠶᠢᠨ ᠰᠦᠨᠢ ᠪᠠᠷ ᠨᠣᠢ᠌ᠷ ᠦᠭᠡᠶ ᠰᠢᠨᠠᠯᠠᠵᠤ
ᠰᠡᠢ᠌ᠮᠡᠭᠡᠢ ᠳᠡᠭ᠍ᠷᠢ ᠶᠢᠨ ᠡᠭᠦᠯᠡ ᠮᠠᠳᠤ
ᠰᠡᠳᠭᠢᠯ ᠤᠨ ᠣᠯᠠᠨ ᠰᠢᠷᠬ᠎ᠠ ᠪᠠᠷ ᠡᠮᠵᠡᠭᠯᠡᠳᠡᠭ᠌
ᠰᠡᠳᠡᠷᠭᠡᠢ ᠠᠶᠠᠠᠴᠢᠨ ᠪᠢ ᠶᠤᠮ
ᠨᠠᠷᠠᠨ ᠵᠥᠭ᠌ ᠤᠨ ᠳᠡᠭ᠍ᠷᠢ
ᠨᠠᠮ᠎ᠠ ᠡᠴᠡ ᠳᠠᠩᠴᠢ ᠬᠤᠯᠠᠳᠠᠵᠤ
ᠨᠠᠮᠤᠭᠤᠬᠠᠨ ᠰᠦᠨᠢ ᠭᠠᠭᠴᠠᠭᠠᠷ ᠨᠠᠷᠭᠢᠳᠠᠭ
ᠨᠠᠭᠠᠳᠤᠮ ᠡᠴᠡ ᠬᠤᠯᠠᠳᠤᠭᠰᠠᠨ ᠠᠶᠠᠠᠴᠢᠨ ᠪᠢ ᠶᠤᠮ
ᠨᠤᠳᠤᠭ ᠤᠨ ᠰᠢᠷᠭᠠᠯ ᠡᠯᠡᠰᠤᠨ ᠡᠴᠡ
ᠥᠡᠳᠡᠭᠡᠨ ᠴᠢᠯᠠᠭᠤ ᠡᠷᠢᠵᠤ
ᠨᠤᠷᠠᠩᠬᠠᠢ ᠬᠤᠳᠠᠤᠨ ᠤᠨ ᠪᠠᠭᠤᠷᠢ ᠳᠡᠭᠡᠷ᠎ᠡ
ᠥᠩᠭᠡᠷᠡᠭ᠍ᠰᠡᠨ ᠤ ᠳᠡᠦᠭᠡ ᠶᠢ ᠰᠠᠨᠠᠭᠠᠯᠵᠠᠵᠤ
ᠨᠣᠢ᠌ᠷ ᠦᠭᠡᠶ ᠰᠦᠨᠢ ᠬᠠᠷ᠎ᠠ ᠳᠠᠷᠤᠵᠤ ᠰᠡᠷᠢᠭᠡᠳ
ᠰᠠᠷ᠎ᠠ ᠦᠭᠡᠶ ᠥᠷᠦᠭᠡᠨ ᠳᠤ ᠰᠢᠷᠠᠳᠠᠵᠤ ᠭᠡᠪᠳᠡᠳᠡᠭ᠌
ᠳᠤᠮᠤᠭ ᠤᠨ ᠨᠢᠭᠡ ᠳᠡᠨᠦᠭᠦᠯᠴᠢᠨ ᠪᠢ ᠶᠤᠮ
ᠥᠯᠢᠭᠡᠷ ᠤᠨ ᠨᠢᠭᠡ ᠠᠶᠠᠠᠴᠢᠨ ᠪᠢ ᠪᠠᠢ᠌ᠯ᠎ᠠ
ᠪᠦᠳᠡᠭᠢ ᠴᠤ ᠪᠣᠯᠤᠭ᠂ ᠰᠥᠮᠡᠭᠡᠢ ᠴᠤ ᠪᠣᠯᠤᠭ
ᠨᠠᠢ᠌ᠷᠠᠭ ᠤᠨ ᠳᠡᠭ᠍ᠷᠢ ᠶᠢᠨ ᠨᠢᠭᠡ ᠣᠳᠤ ᠪᠣᠯᠤᠶ᠎ᠠ ᠭᠡᠮᠡᠨ ᠭᠡᠢ᠌ᠷᠭᠡᠵᠤ
ᠥᠴᠦᠭᠡᠨ ᠴᠤ ᠪᠣᠯᠤᠭ᠂ ᠪᠠᠭ᠎ᠠ ᠴᠤ ᠪᠣᠯᠤᠭ
ᠦᠨᠳᠦᠰᠦᠳᠠᠨ ᠤ ᠰᠤᠶᠤᠯ ᠳᠠᠭᠠᠨ ᠣᠢ᠌ᠯᠠᠴᠢᠯᠠᠶᠠ ᠭᠡᠮᠡᠨ ᠭᠦᠭ᠍ᠰᠡᠵᠤ
ᠪᠣᠰᠤᠭ᠎ᠠ ᠥᠰᠦᠭ᠌ ᠶᠢᠡᠷ ᠶᠢᠡᠨ ᠪᠣᠳᠠᠷᠠᠳᠠᠯ᠎ᠠ ᠪᠢᠴᠢᠵᠤ
ᠮᠤᠩᠭ᠋ᠤᠯ ᠨᠤᠮ ᠢ ᠴᠢᠨᠡᠭᠡ ᠪᠠᠷ ᠣᠩᠰᠢᠵᠤ
ᠨᠢᠰᠭᠦ ᠶᠢ ᠭᠦᠰᠡᠭ᠍ᠰᠡᠨ ᠵᠤᠯᠵᠠᠭᠠᠨ ᠰᠢᠪᠠᠭᠤ ᠰᠢᠭ
ᠨᠢᠯᠬᠠᠷᠠᠵᠤ ᠪᠣᠰᠳᠠᠭ ᠠᠶᠠᠠᠴᠢᠨ ᠪᠢ ᠪᠠᠢ᠌ᠭ᠎ᠠ ᠶᠤᠮ
ᠠᠶᠠᠠᠴᠢᠨ ᠭᠦᠮᠤᠨ ᠵᠤᠷᠢᠭ ᠬᠠᠳᠠᠭᠤ ᠪᠠᠢ᠌ᠳᠠᠭ ᠶᠤᠮ
ᠠᠭᠤᠳᠠᠮ ᠳᠠᠯ᠎ᠠ ᠶᠢ ᠠᠯᠬᠤᠵᠤ ᠳᠤᠭᠤᠯᠳᠠᠭ ᠰᠢᠠᠳᠠᠰᠤ ᠲᠡᠶ ᠪᠠᠢ᠌ᠳᠠᠭ ᠶᠤᠮ
ᠣᠷᠤᠭᠰᠢᠯᠠᠬᠤ ᠡᠴᠡ ᠪᠢᠰᠢ ᠣᠬᠤᠷᠢᠵᠤ ᠪᠣᠴᠠᠳᠠᠭ ᠦᠭᠡᠶ ᠶᠤᠮ
ᠣᠢ᠌ᠴᠢᠵᠤ ᠣᠨᠠᠭᠰᠠᠨ ᠴᠤ ᠣᠷᠪᠠᠭᠠᠤᠨ ᠪᠠᠰᠠ ᠪᠣᠰᠳᠠᠭ ᠶᠤᠮ
ᠠᠯᠢ ᠣᠯᠠᠨ ᠠᠶᠠᠠᠴᠢᠨ ᠭᠦᠮᠤᠨ ᠤ ᠳᠤᠳᠤᠷᠠᠭᠢ
ᠠᠶᠠᠠᠴᠢᠨ ᠰᠢᠭ ᠠᠶᠠᠠᠴᠢᠨ ᠤ ᠨᠢᠭᠡ ᠨᠢ ᠪᠢ ᠪᠠᠢ᠌ᠭ᠎ᠠ ᠶᠤᠮ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ