ᠨᠡᠪᠲᠡᠷᠡᠨ ᠤᠷᠤᠬᠤ
ᠣᠶᠤᠨ ᠤ ᠵᠥᠰᠡᠷᠡᠭᠡ
(ᠵᠢᠷᠭᠤᠳᠤᠭᠠᠷ ᠳᠤᠮᠳᠠᠳᠤ ᠰᠤᠷᠭᠠᠭᠤᠯᠢ ᠶᠢᠨ ᠪᠠᠳᠤᠴᠠᠭᠠᠨ ᠰᠡᠳᠭᠦᠯ ᠳᠤ ᠵᠤᠷᠢᠭᠤᠯᠪᠠ)


  ᠰᠡᠪᠢᠯᠭᠡ ᠢᠯᠪᠢᠭ᠍ᠰᠡᠨ ᠵᠥᠭᠡᠯᠡᠨ ᠰᠠᠯᠭᠢᠨ ᠳ᠋ᠤ

  ᠰᠡᠷᠮᠡᠭᠦᠨ ᠨᠠᠪᠴᠢᠰ ᠭᠠᠩᠬᠤᠨ ᠭᠠᠩᠬᠤᠨ᠎ᠠ

  ᠰᠠᠩᠰᠠᠷᠠᠨ ᠰᠡᠩᠰᠡᠷᠡᠭ᠍ᠰᠡᠨ ᠣᠶᠤᠨ ᠤ ᠵᠥᠰᠡᠷᠡᠭᠡ ᠳ᠋ᠤ

  ᠰᠢᠨᠡᠭᠡᠨ ᠬᠠᠭᠤᠳᠠᠰᠤ ᠣᠭᠢᠶᠠᠭᠳᠠᠨ ᠣᠭᠢᠶᠠᠭᠳᠠᠨ᠎ᠠ

  ᠡᠷ᠎ᠡ ᠶᠢᠨ ᠭᠡᠢ᠌ᠮᠦᠷᠢ ᠳᠠᠯᠠᠯᠤᠭᠰᠠᠨ

   《ᠣᠨᠠᠭᠠᠨ ᠴᠠᠭᠠᠨ ᠦᠣᠷᠰᠡᠭᠡ》

  ᠡᠶᠡᠷ ᠴᠠᠭᠠᠨ ᠰᠡᠳᠭᠢᠯ ᠤᠨ

  ᠣᠶᠤᠨ ᠤ ᠠᠩᠭᠢᠯᠤᠮ᠎ᠠ ᠵᠥᠰᠡᠷᠡᠭᠡ ︕


  ᠭᠡᠯᠡᠨ ᠤ ᠣᠷᠠᠯᠢᠭ ᠤᠨ ᠳᠡᠭᠡᠳᠤ ᠳᠡᠭ᠍ᠷᠢ ᠡᠴᠠ

  ᠵᠦᠰᠠᠷᠠᠨ ᠪᠠᠭᠤᠭᠰᠠᠨ ᠠᠩᠭᠢᠯᠤᠮ᠎ᠠ ᠬᠤᠷ᠎ᠠ

  ᠭᠢᠴᠢᠶᠠᠯ ᠭᠦᠮᠦᠵᠢᠯ ᠤᠨ ᠮᠡᠷᠭᠡᠨ ᠳᠤᠯᠢ ᠡᠴᠠ

  ᠣᠢ᠌ᠯᠤᠨ ᠪᠣᠰᠤᠭᠰᠠᠨ ᠰᠡᠳᠭᠢᠯ ᠤᠨ ᠵᠥᠰᠡᠷᠡᠭᠡ

  ᠭᠦᠳᠡᠭᠡ ᠰᠤᠶᠤᠯ ᠤᠨ ᠠᠯᠳᠠᠨ ᠳᠤᠤᠯᠢ ᠡᠴᠠ

  ᠣᠶᠠᠩᠭ᠋ᠠᠷᠠᠵᠤ ᠣᠷᠭᠤᠭᠰᠠᠨ ᠭᠦᠰᠡᠯ ᠴᠠᠭᠠᠨ ᠮᠤᠳᠤ

  ᠭᠦᠭᠡ ᠮᠤᠩᠭ᠋ᠤᠯ ᠤᠨ ᠠᠮᠢᠨ ᠮᠦᠴᠢᠶᠠᠰᠤ ᠡᠴᠠ

  ᠠᠮᠢᠰᠬᠤᠭ᠎ᠠ ᠠᠪᠣᠭᠰᠠᠨ ᠦᠪ ᠴᠠᠭᠠᠨ ᠮᠦᠴᠢᠷ

  ᠪᠣᠰᠤᠭ᠎ᠠ ᠭᠡᠯᠡᠨ ᠤ ᠣᠷᠠᠨ ᠭᠡᠯᠭᠢᠶᠡᠰᠤ ᠪᠠᠷ

  ᠱᠤᠭᠤᠨ ᠪᠦᠳᠦᠭ᠍ᠰᠡᠨ ᠠᠮᠢᠨ ᠴᠠᠭᠠᠨ ᠨᠠᠢ᠌ᠷᠠᠭ

  ᠪᠣᠭᠳᠠ ᠠᠪᠢᠶᠠᠨ ᠤ ᠳᠤᠷᠭᠠᠨ ᠬᠠᠯᠭᠢᠶ᠎ᠠ ᠪᠠᠷ

  ᠲ᠋ᠤᠯᠭᠢᠶᠠᠯᠠᠵᠤ ᠪᠣᠰᠤᠭᠰᠠᠨ ᠳᠠᠯᠠᠢ ᠴᠠᠭᠠᠨ ᠭᠦᠰᠡᠯ

  ᠪᠣᠳᠠᠠᠴᠢᠷ ᠡᠪᠦᠭᠡ ᠶᠢᠨ ᠰᠤᠳᠤᠨ ᠰᠤᠷᠭᠠᠯ ᠵᠢᠠᠷ

  ᠲ᠋ᠠᠪᠳᠠᠷᠢᠨ ᠳᠡᠭᠦᠯᠢᠭ᠍ᠰᠡᠨ ᠥᠪ ᠴᠠᠭᠠᠨ ᠪᠦᠷᠭᠦᠤᠨ

  ᠪᠣᠭᠤᠷᠤᠯ ᠳᠡᠦᠭᠡ ᠶᠢᠨ ᠵᠢᠷᠦᠭᠡᠨ ᠠᠮᠢᠰᠬᠤᠭ᠎ᠠ ᠪᠠᠷ

  ᠭᠦᠪᠦᠷᠡᠨ ᠪᠣᠢ᠌ᠵᠢᠭᠰᠠᠨ ᠲ᠋ᠤᠤᠷᠠᠢ ᠴᠠᠭᠠᠨ ᠬᠠᠢ᠌ᠯᠠᠰᠤ ︕


  ᠬᠤᠤᠯᠢᠨ ᠤ ᠳᠠᠠᠵᠢᠨ ᠡᠴᠠ ᠢᠳᠠᠯᠠᠨ ᠨᠤᠮᠤᠯᠠᠭᠰᠠᠨ

  ᠬᠠᠰᠠᠷ ᠡᠪᠦᠭᠡ ᠶᠢᠨ ᠬᠤᠪᠢᠯᠭᠠᠨ ᠭᠦᠪᠴᠢ ᠮᠠᠨᠢ

  ᠬᠤᠨ ᠤ ᠱᠤᠩᠭ᠋ᠤᠯᠳᠠ ᠪᠠᠷ ᠭᠦᠴᠦᠯᠡᠨ ᠳᠡᠪᠳᠡᠷᠢᠭ᠍ᠰᠡᠨ

  ᠬᠤᠷᠴᠢᠨ ᠰᠤᠶᠤᠯ ᠤᠨ ᠡᠷᠡᠯᠭᠡᠭ᠌ ᠴᠠᠬᠤᠯᠠᠢ ᠮᠠᠨᠢ

  ᠨᠠᠢ᠌ᠷ ᠤᠨ ᠬᠠᠳᠠᠭ ᠡᠷᠭᠦᠨ ᠰᠠᠮᠪᠠᠢ᠌ᠯᠠᠭᠰᠠᠨ

  ᠨᠤᠮ ᠤᠨ ᠭᠦᠭᠡ ᠳᠡᠭ᠍ᠷᠢ ᠮᠠᠨᠢ

  ᠨᠠᠢ᠌ᠷᠠᠭ ᠤᠨ ᠴᠦᠷᠭᠦᠯᠡᠭᠡ ᠢᠳᠡᠷᠡᠭᠦᠨ ᠣᠭᠰᠠᠷᠠᠭᠰᠠᠨ

  ᠨᠠᠷᠠᠨ ᠭᠡᠭᠡᠳᠤ ᠳᠡᠮᠡᠭᠡᠨ ᠵᠢᠩ ᠮᠠᠨᠢ ︕


  ᠣᠳᠤᠭᠢᠴᠢ ᠠᠮᠢᠳᠤᠷᠠᠯ ᠰᠤᠳᠤᠨ ᠭᠢᠯᠪᠠᠭ᠎ᠠ ᠪᠠᠷ

  ᠡᠭᠡᠰᠢᠭᠯᠡᠨ ᠳᠠᠭᠤᠯᠠᠭᠰᠠᠨ

  ᠰᠢᠨ᠎ᠡ ᠰᠤᠷᠭᠠᠭᠤᠯᠢ ᠶᠢᠨ ᠰᠢᠨ᠎ᠡ ᠬᠠᠭᠤᠳᠠᠰᠤ

  ᠣᠷᠠᠢ ᠴᠠᠭ ᠤᠨ ᠭᠦᠮᠤᠨ ᠶᠤᠰᠤᠨ ᠵᠢᠠᠷ

  ᠲᠦᠯᠤᠪᠵᠢᠨ ᠮᠡᠡᠳᠦᠯᠡᠭ᠍ᠰᠡᠨ

  ᠡᠩᠭᠡ ᠴᠠᠭ ᠤᠨ ᠣᠷᠠᠨ ᠭᠦᠭᠦᠭᠡ

  ᠣᠷ᠎ᠠ ᠰᠤᠶᠤᠯ ᠤᠨ ᠰᠢᠮᠠᠳᠤ ᠭᠦᠷᠦᠰᠤ ᠪᠠᠷ

  ᠦᠨᠳᠦᠰᠦᠯᠠᠨ ᠰᠤᠶᠤᠭᠠᠯᠠᠭᠰᠠᠨ

  ᠵᠢᠷᠭᠤᠳᠤᠭᠠᠷ ᠰᠤᠷᠭᠠᠭᠤᠯᠢ ᠶᠢᠨ ᠠᠮᠢᠨ ᠰᠦᠯᠳᠡ

  ᠣᠳᠤᠮᠳᠤ ᠮᠤᠩᠭ᠋ᠤᠯ ᠤᠨ ᠡᠭᠡᠰᠢᠭ᠌ ᠠᠪᠢᠶ᠎ᠠ ᠪᠠᠷ

  ᠯᠤᠭᠰᠢᠨ ᠴᠤᠭᠢᠯᠠᠭᠰᠠᠨ

  ᠲ᠋ᠦᠰᠢᠶᠠᠳᠤ ᠨᠤᠳᠤᠭ ᠤᠨ ᠠᠮᠢᠨ ᠰᠤᠳᠠᠰᠤ ︕


  ᠪᠠᠳᠤᠴᠠᠭᠠᠨ—

  ᠨᠠᠮᠠᠭ᠎ᠠ ᠡᠴᠠ ᠴᠢᠨᠢ ᠨᠠᠷᠠ ᠣᠷᠭᠤᠨ᠎ᠠ

  ᠨᠠᠪᠴᠢ ᠡᠴᠠ ᠴᠢᠨᠢ ᠮᠠᠠᠳᠤᠬᠠᠢ ᠴᠡᠴᠡᠭᠯᠡᠨ᠎ᠡ

  ᠦᠨᠳᠦᠰᠦ ᠡᠴᠠ ᠴᠢᠨᠢ ᠡᠪ ᠰᠤᠶᠤᠭᠠᠯᠠᠨ᠎ᠠ

  ᠦᠷ᠎ᠡ ᠡᠴᠠ ᠴᠢᠨᠢ ᠥᠯᠢᠭᠡᠷ ᠣᠷᠭᠤᠨ᠎ᠠ

  ᠪᠠᠳᠤᠴᠠᠭᠠᠨ—

  ᠰᠠᠯᠠᠭ᠎ᠠ ᠡᠴᠠ ᠴᠢᠨᠢ ᠰᠠᠷᠠ ᠣᠷᠭᠤᠨ᠎ᠠ

  ᠰᠤᠳᠠᠰᠤ ᠡᠴᠠ ᠴᠢᠨᠢ ᠰᠥ᠋ ᠳᠤᠰᠤᠯᠠᠨ᠎ᠠ

  ᠬᠠᠯᠢᠰᠤ ᠡᠴᠠ ᠴᠢᠨᠢ ᠬᠠᠢ᠌ᠷ᠎ᠠ ᠢᠪᠢᠯᠤᠨ᠎ᠡ

  ᠬᠤᠰᠢᠭᠤ ᠡᠴᠠ ᠴᠢᠨᠢ ᠬᠤᠭᠤᠷ ᠭᠦᠩᠭᠢᠨᠡᠨ᠎ᠡ ︕


  ᠪᠠᠳᠤᠴᠠᠭᠠᠨ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊

  ᠣᠷᠢᠶᠠᠯᠢᠭ ᠵᠤᠬᠢᠶᠠᠯᠴᠢ ᠶᠢ ᠭᠦᠮᠦᠵᠢᠭᠦᠯᠦᠭ᠍ᠴᠢ

   《ᠣᠨᠠᠭᠠᠨ ᠴᠠᠭᠠᠨ ᠦᠣᠷᠰᠡᠭᠡ》 ᠪᠠᠢ᠌ᠨ᠎ᠠ

  ᠠᠮᠢᠳᠤᠷᠠᠯ ᠤᠨ ᠣᠬᠠᠭᠠᠨ ᠱᠤᠭᠤᠭᠴᠢ

   《ᠭᠦᠮᠤᠨ ᠳᠠᠮᠢᠷ ᠤᠨ ᠴᠢᠯᠠᠭᠤᠳ》 ᠪᠠᠢ᠌ᠨ᠎ᠠ

  ᠣᠶᠤᠨ ᠤ ᠵᠥᠰᠡᠷᠡᠭᠡ ᠱᠠᠭᠢᠭᠤᠯᠤᠭᠴᠢ

   《ᠦᠪ ᠤᠨ ᠲᠦᠰᠢᠶᠠᠳᠤ》 ᠦᠷᠨᠢᠵᠤ ᠪᠠᠢ᠌ᠨ᠎ᠠ

  ᠣᠳᠤᠮᠰᠢᠯᠳᠤ ᠵᠢᠭᠠᠬᠤ ᠠᠷᠭ᠎ᠠ ᠶᠢ ᠥᠭᠡᠷᠡᠴᠢᠯᠡᠭ᠍ᠴᠢ

   《ᠳᠤᠰᠤ ᠲᠡᠶ ᠳᠦᠷᠦᠭᠡ》 ᠳᠠᠴᠢᠭᠢᠨᠠᠵᠤ ᠪᠠᠢ᠌ᠨ᠎ᠠ ︕


  ᠣᠨᠠᠭᠠᠨ ᠴᠠᠭᠠᠨ ᠦᠣᠷᠰᠡᠭᠡ

  ᠣᠶᠤᠨ ᠤ ᠠᠩᠭᠢᠯᠤᠮ᠎ᠠ ᠵᠥᠰᠡᠷᠡᠭᠡ

  ᠣᠳᠤᠮᠳᠤ ᠮᠤᠩᠭ᠋ᠤᠯ ᠤᠨ ᠰᠤᠶᠤᠯ ᠤᠨ ᠵᠥᠰᠡᠷᠡᠭᠡ ︕


  ᠬᠠᠨ ᠠᠭᠤᠯᠠᠨ ᠤ ᠡᠭᠢᠨ ᠡᠴᠠ ᠱᠠᠭᠢᠵᠤ ᠡᠭᠢᠯᠡᠭ᠍ᠰᠡᠨ

  ᠬᠠᠳᠤᠨ ᠬᠤᠤᠯᠢᠨ ᠤ ᠡᠯᠢᠭᠡᠨ ᠡᠴᠠ ᠠᠩᠭᠢᠯᠵᠤ ᠵᠥᠰᠡᠷᠡᠭ᠍ᠰᠡᠨ

  ᠴᠢᠠᠳᠠᠮᠤᠨᠢ ᠠᠭᠤᠯᠠ ᠶᠢᠨ ᠭᠦᠰᠢᠶ᠎ᠡ ᠡᠴᠠ ᠰᠤᠯᠤᠩᠭ᠋ᠠᠷᠠᠵᠤ ᠪᠠᠭᠤᠭᠰᠠᠨ

  ᠪᠠᠳᠤᠴᠠᠭᠠᠨ ᠤ ᠨᠠᠪᠴᠢ ᠪᠠᠷ ᠠᠮᠢᠯᠠᠵᠤ ᠳᠠᠪᠭᠢᠭᠰᠠᠨ

  ᠠᠯᠳᠠᠨ ᠣᠨᠠᠭ᠎ᠠ ᠶᠢᠨ ᠦᠣᠷᠰᠡᠭᠡ

  ᠠᠩᠭᠢᠯᠤᠮ᠎ᠠ ᠬᠤᠷ᠎ᠠ ᠶᠢᠨ ᠵᠥᠰᠡᠷᠡᠭᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12313
ᠴᠠᠭ᠄ 2011 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ