ᠨᠡᠪᠲᠡᠷᠡᠨ ᠤᠷᠤᠬᠤ
ᠬᠠᠢ ᠯᠠᠨ ᠳᠤ ᠵᠤᠭᠠᠴᠠᠭᠰᠠᠨ ᠨᠢ

ᠠᠳᠤᠭᠤᠨ ᠤ ᠡᠮᠴᠢ ᠪᠠᠷ ᠵᠠᠯᠠᠭᠳᠠᠭᠰᠠᠨ

ᠠᠷᠤ ᠭᠠᠵᠠᠷ ᠤᠨ ᠮᠤᠩᠭ᠋ᠤᠯ ᠠᠬ᠎ᠠ ᠮᠠᠨᠢ

ᠠᠯᠤᠰ ᠤᠨ ᠵᠢᠶᠠᠩᠨᠠᠨ ᠳᠤ ᠡᠷᠳᠡᠮ ᠶᠢᠡᠨ ᠭᠠᠢ᠌ᠬᠠᠭᠤᠯᠤᠨ᠎ᠠ᠂

ᠠᠳᠤᠭᠤᠨ ᠰᠦᠷᠦᠭ᠌ ᠵᠢᠶᠠᠩᠨᠠᠨ ᠣᠷᠤᠭᠰᠠᠨ ᠢ

ᠠᠵᠢᠵᠤ ᠬᠠᠷᠠᠭᠠᠤᠨ ᠪᠢ ᠭᠡᠯᠮᠡᠭ᠍ᠳᠡᠯ᠎ᠡ᠂

ᠠᠭᠳᠠ ᠶᠢᠨ ᠰᠠᠢ᠌ᠨ ᠢ

ᠬᠠᠢ ᠯᠠᠨ ᠤ ᠭᠢᠨᠢ ᠴᠤᠭᠯᠠᠭᠤᠯᠵᠤ

ᠠᠪᠬᠠᠢ ᠶᠢᠨ ᠰᠠᠢ᠌ᠬᠠᠨ ᠢ

ᠬᠠᠢ ᠯᠠᠨ ᠤ ᠭᠢᠨᠢ ᠣᠷᠢᠭᠰᠠᠨ ᠶᠤᠮ ᠤᠤ ︖


ᠮᠤᠷᠢ ᠣᠨᠤᠵᠤ ᠴᠢᠳᠠᠳᠠᠭ ᠨᠢ

ᠵᠥᠪᠭᠡᠨ ᠮᠤᠩᠭ᠋ᠤᠯ ᠪᠠᠢ᠌ᠬᠤ ᠭᠡᠵᠤ ᠪᠣᠳᠤᠯ᠎ᠠ

ᠮᠤᠩᠭ᠋ᠤᠯ ᠮᠤᠷᠢᠳ ᠡᠮᠦᠨᠡᠰᠢᠯᠡᠵᠤ

ᠮᠤᠩᠭ᠋ᠤᠯ ᠦᠬᠢᠳ ᠭᠢᠳᠠᠳᠴᠢᠯᠠᠭᠰᠠᠨ ᠪᠠ ︖


ᠬᠤᠷᠴᠢᠨ ᠮᠤᠷᠢ ᠭᠡᠵᠤ ᠭᠡᠯᠡᠭᠦ ᠳᠤ

ᠬᠠᠯᠠᠭᠤᠨ ᠳᠦᠷᠤᠯ ᠶᠤᠮ ᠰᠢᠭ ᠰᠠᠨᠠᠭᠳᠠᠯ᠎ᠠ᠂

ᠬᠤᠷᠴᠢᠨ ᠨᠤᠳᠤᠭ ᠳᠠᠴᠢᠷᠳᠠᠵᠤ

ᠬᠤᠷᠴᠢᠨ ᠤ ᠭᠦᠮᠦᠰ ᠮᠤᠷᠢ ᠪᠠᠨ ᠬᠤᠳᠠᠯᠳᠤᠯ᠎ᠠ᠃


ᠱᠠᠩᠬᠠᠢ ᠶᠢᠨ ᠮᠤᠷᠢᠨ ᠳᠠᠯᠠᠪᠠᠢ ᠠᠭᠤᠵᠢᠮ ᠴᠤ

ᠬᠤᠷᠴᠢᠨ ᠤ ᠳᠠᠯ᠎ᠠ ᠶᠢᠨ ᠬᠠᠮᠢᠭ᠎ᠠ ᠳᠤ ᠨᠢ ᠭᠦᠷᠭᠦ ᠪᠣᠢ ᠳᠠ ︕

ᠮᠤᠷᠢᠨ ᠳᠠᠯᠠᠪᠣᠷ ᠲᠤ ᠮᠤᠷᠢᠳ ᠳᠦᠭᠦᠷᠡᠭᠦ ᠳᠤ

ᠮᠤᠩᠭ᠋ᠤᠯ ᠣᠷᠤᠨ ᠳᠤ ᠠᠳᠤᠭᠤ ᠴᠥᠭᠡᠷᠡᠯ᠎ᠡ᠃


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ

ᠵᠤᠬᠢᠶᠠᠭᠴᠢ᠄ ᠳᠠᠭᠳᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ