☆ ᠬᠠᠨ ᠵᠢᠷᠤᠮᠳᠤ
ᠴᠢᠨᠤ ᠳᠦᠯᠦᠭᠡ ᠪᠢ ᠵᠤᠪᠠᠨ᠎ᠠ
ᠴᠢᠨᠤ ᠳᠦᠯᠦᠭᠡ ᠪᠢ ᠵᠤᠪᠠᠨ᠎ᠠ
ᠴᠢᠩ ᠥᠨᠡᠨ ᠰᠡᠳᠭᠢᠯ ᠡᠴᠡ ᠪᠠᠨ ᠵᠤᠪᠠᠨ᠎ᠠ
ᠥᠷᠤ ᠵᠢᠷᠦᠭᠡᠨ ᠳᠤ ᠥᠨᠡᠨ ᠮᠠᠨᠠᠭᠳᠠᠨ
ᠥᠷᠭᠦᠯᠵᠢ ᠪᠠᠭ᠍ᠳᠡᠷᠡᠨ ᠵᠤᠪᠠᠨ᠎ᠠ ᠰᠢᠤ
ᠴᠢᠷᠮᠠᠨ ᠨᠢᠴᠦᠭᠦᠯᠦᠭᠡᠳ ᠴᠢ ᠮᠢᠨᠢ
ᠴᠢᠭᠢᠯᠳᠡᠭᠡᠳ ᠪᠠᠢ᠌ᠬᠤ ᠴᠢᠨᠢ ᠶᠠᠭᠤ ᠪᠣᠢ
ᠥᠵᠡᠭ᠍ᠰᠡᠨ ᠪᠦᠭᠦᠨ ᠰᠢᠨᠠᠯᠠᠵᠤ ᠪᠠᠢ᠌ᠨ᠎ᠠ
ᠥᠵᠡᠷᠡᠭ᠍ᠰᠡᠨ ᠮᠤᠳᠤ ᠤᠬᠢᠯᠡᠵᠤ ᠪᠠᠢ᠌ᠨ᠎ᠠ
ᠴᠢᠨᠤ ᠳᠦᠯᠦᠭᠡ ᠪᠢ ᠵᠤᠪᠠᠨ᠎ᠠ
ᠴᠢᠩ ᠥᠨᠡᠨ ᠰᠡᠳᠭᠢᠯ ᠡᠴᠡ ᠪᠠᠨ ᠵᠤᠪᠠᠨ᠎ᠠ
ᠥᠨᠡᠭᠡᠨ ᠬᠠᠷᠠᠩᠭ᠋ᠤᠢ ᠳᠤ ᠥᠷ ᠬᠠᠰᠢᠭᠳᠠᠨ
ᠥᠷᠯᠦᠭᠡ ᠬᠤᠯᠠᠳᠤᠨ ᠵᠤᠪᠠᠨ᠎ᠠ ᠰᠢᠤ
ᠶᠠᠳᠠᠭᠤᠷᠠᠭᠰᠠᠨ ᠤᠶᠤᠨ ᠲᠡᠶ ᠴᠢ ᠮᠢᠨᠢ
ᠶᠠᠩᠪᠠᠯᠠᠭᠠᠤᠨ ᠪᠠᠢ᠌ᠬᠤ ᠴᠢᠨᠢ ᠶᠠᠭᠤ ᠪᠣᠢ
ᠬᠠᠨᠠᠭᠠᠷ ᠪᠠᠢ᠌ᠭᠠᠯᠢ ᠰᠢᠷᠬᠠᠯᠠᠵᠤ ᠪᠠᠢ᠌ᠨ᠎ᠠ
ᠬᠠᠨ ᠭᠠᠷᠤᠳᠠᠢ ᠮᠡᠭ᠍ᠰᠢᠵᠤ ᠪᠠᠢ᠌ᠨ᠎ᠠ
2009-7-14
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ