ᠨᠡᠪᠲᠡᠷᠡᠨ ᠤᠷᠤᠬᠤ
ᠪᠢ ᠴᠢᠮ᠎ᠠ ᠳᠤ ᠬᠠᠢ᠌ᠷᠠᠳᠠᠢ

ᠰᠥᠷᠴᠢᠭ᠌ ᠤᠨ ᠦᠨᠦᠷ ᠡᠴᠡ ᠢᠯᠡᠭᠦᠤ ᠬᠠᠢ᠌ᠷᠠᠳᠠᠢ

ᠴᠢ ᠪᠢᠳᠠ ᠬᠤᠶᠠᠭᠤᠯᠠ ᠳᠠᠠᠳᠠ ᠰᠦᠨᠢ ᠶᠢ ᠡᠳᠦᠷ ᠰᠢᠭ᠌ ᠠᠰᠠᠭᠠᠵᠤ

ᠴᠢᠯᠳᠠᠩ ᠳᠡᠭ᠍ᠷᠢ᠂ ᠴᠡᠢ᠌ᠪᠠᠭᠡᠷ ᠬᠤᠷᠸ᠎ᠠ ᠶᠢ ᠪᠦᠷ ᠮᠠᠷᠳᠠᠵᠤ

《ᠬᠠᠢ᠌ᠷᠠᠳᠠᠢ ︕》 ᠭᠡᠰᠡᠨ ᠰᠢᠯᠦᠭ᠌ ᠢ ᠬᠠᠷᠠᠴᠠ ᠪᠠᠷ ᠶᠢᠡᠨ ᠪᠢᠴᠢᠵᠤ

ᠬᠠᠮᠳᠤ ᠠᠮᠢᠳᠤᠷᠠᠬᠤ ᠶᠢᠨ ᠭᠠᠯ ᠶᠢᠡᠨ ᠨᠢᠳᠤᠨ ᠡᠴᠡ ᠪᠠᠨ ᠡᠭᠢᠯᠡᠵᠤ ᠴᠠᠭᠢᠭᠰᠠᠨ ᠶᠤᠮ᠃

ᠳᠤᠷᠠᠯᠠᠯ ᠭᠡᠵᠤ ᠦᠨᠡᠨ ᠳᠡᠭᠡᠨ

ᠰᠡᠳᠭᠢᠯ ᠤᠨ ᠮᠢᠨᠢ ᠨᠢᠭᠤᠴᠠᠬᠠᠨ ᠭᠤᠯᠳᠤᠷᠢᠯ ᠶᠢᠡᠷ

ᠰᠡᠯᠡᠩᠭᠡ ᠶᠢᠨ ᠣᠷᠤᠰᠬᠠᠯ ᠰᠢᠭ ᠳᠠᠮᠤᠯᠤᠨ ᠳᠠᠮᠤᠯᠤᠨ

ᠬᠠᠢ᠌ᠷ᠎ᠠ ᠭᠡᠮᠡᠭᠦ ᠨᠡᠯᠦᠭᠡᠷ ᠶᠡᠭᠡ ᠳᠠᠯᠠᠢ ᠶᠢ ᠵᠤᠷᠢᠩᠬᠠᠨ ᠣᠷᠤᠰᠤᠭᠰᠠᠨ

ᠬᠠᠯᠠᠭᠤᠬᠠᠨ ᠵᠢᠷᠦᠭᠡᠨ ᠤ ᠮᠢᠨᠢ ᠥᠨᠡᠡᠴᠢᠭᠡᠨ ᠳᠤᠭᠳᠤᠯᠤᠯ ᠪᠢᠯᠠ

ᠳᠤᠷᠠᠯᠠᠯ ᠭᠡᠵᠤ ᠦᠨᠡᠨ ᠳᠡᠭᠡᠨ

ᠠᠮᠢᠳᠤᠷᠠᠯ ᠤᠨ ᠳᠠᠪᠢᠯᠠᠩᠳᠤ ᠣᠴᠠᠷᠠᠯ ᠶᠢᠡᠷ

ᠠᠮᠢ ᠨᠠᠰᠤᠨ ᠤ ᠮᠢᠨᠢ ᠮᠥᠷᠦᠭᠡᠳᠦᠯ ᠪᠦᠭᠦᠨ ᠶᠢᠡᠷ ᠬᠠᠯᠭᠢᠯᠠᠨ ᠬᠠᠯᠭᠢᠯᠠᠨ

ᠳᠦᠷᠯᠡᠭᠡᠷ ᠨᠢᠳᠤᠨ ᠴᠢᠮ᠎ᠠ ᠣᠷᠤᠭᠤ ᠪᠠᠨ ᠠᠭᠤᠯᠠ ᠶᠢᠨ ᠦᠶᠡᠷ ᠰᠢᠭ᠌ ᠵᠢᠦᠡᠭᠦᠭ᠍ᠰᠡᠨ

ᠳᠦᠭᠦᠭᠡ ᠦᠭᠡᠶ ᠨᠠᠰᠤᠨ ᠤ ᠮᠢᠨᠢ ᠠᠯᠠᠭ ᠦᠭᠡᠶ ᠳᠠᠮᠤᠯᠤᠯ ᠪᠢᠯᠠ

ᠪᠢ ᠴᠢᠮᠠᠳᠤ ᠬᠠᠢ᠌ᠷᠠᠳᠠᠢ

ᠴᠠᠷᠭᠢ ᠰᠢᠪᠠᠭᠤ ᠴᠠᠢ᠌ᠳᠠᠮ ᠳᠠᠭᠠᠨ ᠬᠠᠢ᠌ᠷᠠᠳᠠᠢ

ᠴᠠᠢ᠌ᠳᠠᠮ ᠳᠠᠭᠠᠨ ᠴᠢ ᠴᠠᠷᠭᠢ ᠰᠢᠪᠠᠭᠤ ᠰᠢᠭ ᠬᠠᠢ᠌ᠷᠠᠳᠠᠢ

ᠴᠢᠮ᠎ᠠ ᠳᠠᠭᠠᠨ ᠪᠢ ᠥᠡᠳᠡᠭᠡᠨ ᠳᠡᠭᠡᠨ ᠬᠠᠢ᠌ᠷᠠᠳᠠᠢ ᠴᠠᠷᠭᠢ ᠰᠢᠪᠠᠭᠤ ᠰᠢᠭ ᠬᠠᠢ᠌ᠷᠠᠳᠠᠢ ᠁

ᠳᠡᠯᠡᠭᠡᠢ ᠶᠢ ᠪᠢ ᠦᠮᠴᠢᠨ ᠳᠡᠭᠡᠨ ᠥᠯᠡᠳᠡᠭᠡᠨ᠎ᠡ᠂

ᠣᠴᠢᠷ ᠨᠢ

ᠳᠡᠭᠡᠭᠦᠷ ᠨᠢ ᠴᠢᠨᠤ ᠨᠠᠳᠠ ᠣᠷᠤᠭᠤ ᠠᠯᠬᠤᠭᠰᠠᠨ ᠭᠦᠯ ᠤᠨ ᠴᠢᠨᠢ ᠮᠦᠷ ᠪᠣᠢ

ᠳᠡᠭ᠍ᠷᠢ ᠶᠢ ᠪᠢ ᠦᠮᠴᠢᠨ ᠳᠡᠭᠡᠨ ᠥᠯᠡᠳᠡᠭᠡᠨ᠎ᠡ᠂

ᠣᠴᠢᠷ ᠨᠢ

ᠳᠠᠷᠠ ᠠᠭᠠᠷ ᠢ ᠴᠢ ᠠᠮᠢᠰᠬᠤᠯᠯᠠᠵᠤ ᠨᠠᠳᠠ ᠣᠷᠤᠭᠤ ᠭᠦᠶ‍ᠦᠭ᠍ᠰᠡᠨ ᠶᠤᠮ

ᠠᠯᠠᠭ ᠪᠠᠭ᠎ᠠ ᠨᠠᠰᠤᠨ ᠤ ᠪᠠᠨ ᠳᠤᠭᠯᠠᠭᠠᠮ ᠤᠨ ᠵᠢᠵᠢᠭ᠌ ᠴᠢᠯᠠᠭᠤᠳ ᠶᠢᠡᠨ ᠨᠠᠳᠠ ᠥᠭ᠌

ᠠᠷᠪᠠᠨ ᠨᠢ᠋ᠮᠠᠨ ᠨᠠᠰᠤᠨ ᠤ ᠪᠠᠨ ᠊ᠭ᠍‍ᠬᠢᠷ ᠦᠭᠡᠶ ᠭᠡᠨᠡᠨ ᠢᠨᠢᠶᠠᠳᠤ ᠪᠠᠨ ᠨᠠᠳᠠ ᠥᠭ᠌

ᠬᠠᠪᠣᠷ ᠰᠢᠭ ᠢᠷᠠᠵᠤ ᠪᠣᠢ ᠮᠠᠷᠭᠠᠰᠢ ᠪᠠᠨ ᠨᠠᠳᠠ ᠥᠭ᠌

ᠬᠠᠷᠠᠮᠴᠢ ᠦᠭᠡᠶ ᠬᠠᠢ᠌ᠷ᠎ᠠ᠂ ᠬᠠᠯᠠᠭᠤᠬᠠᠨ ᠦᠨᠦᠰᠤᠯᠳᠠ ᠪᠠᠨ ᠴᠤ ᠨᠠᠳᠠ ᠥᠭ᠌

ᠪᠢ ᠴᠢᠮᠠᠳᠤ ᠬᠠᠢ᠌ᠷᠠᠳᠠᠢ᠃

ᠴᠠᠰᠤ ᠣᠨᠠᠬᠤ ᠰᠢᠭ ᠴᠢᠪ ᠴᠢᠮᠡᠭᠡ ᠦᠭᠡᠶ᠂ ᠰᠦᠨᠢ ᠡᠳᠦᠷ ᠢ ᠬᠤᠴᠢᠨ᠎ᠠ

ᠴᠠᠭ ᠤᠨ ᠵᠡᠭᠦᠤ ᠶᠢᠨ ᠭᠡᠶ‍ᠦᠷᠡᠯᠳᠤ ᠳᠠᠭᠤ ᠨᠠᠰᠤ ᠶᠢ ᠬᠤᠴᠢᠨ᠎ᠠ

ᠴᠢᠨᠤ ᠳᠤᠬᠠᠢ ᠳᠠᠭᠤᠰᠤᠰᠢ ᠦᠭᠡᠶ ᠳᠤᠷᠠᠰᠤᠯ ᠵᠡᠭᠦᠳᠤ ᠶᠢ ᠮᠢᠨᠢ ᠬᠤᠴᠢᠨ᠎ᠠ

ᠴᠡᠴᠡᠭᠡᠰ ᠤᠨ ᠳᠡᠯᠪᠠᠭᠡ ᠰᠢᠭ᠌ ᠬᠠᠢ᠌ᠷ᠎ᠠ ᠪᠢᠳᠠ ᠬᠤᠶᠠᠭᠤᠯᠠ ᠶᠢ ᠬᠤᠴᠢᠨ᠎ᠠ

ᠰᠡᠮᠡᠷᠭᠡᠢ ᠳᠤᠭ ᠰᠢᠭ ᠴᠡᠩᠭᠡᠷ ᠳᠡᠭ᠍ᠷᠢ ᠶᠢᠨ ᠶᠢᠡᠨ ᠳᠤᠤᠷ᠎ᠠ

ᠰᠡᠳᠡᠷᠭᠡᠢ ᠵᠡᠭᠦᠤ ᠰᠢᠭ᠌ ᠡᠮᠵᠡᠭ᠌ ᠳᠡᠯᠡᠭᠡᠢ ᠶᠢᠨ ᠶᠢᠡᠨ ᠳᠡᠭᠡᠷ᠎ᠡ

ᠪᠦᠳᠤᠨ ᠬᠠᠢ᠌ᠷ᠎ᠠ ᠶᠢᠨ ᠳᠠᠭᠤᠤ ᠠᠶᠠᠯᠤᠶᠤ ᠭᠡᠭᠦ ᠳᠡᠭᠡᠨ ᠬᠤᠭᠤᠷ ᠤᠨ ᠢᠵᠢᠯ ᠶᠤᠩᠬᠤᠷ ᠪᠣᠯᠵᠤ

ᠪᠦᠷᠢᠨ ᠣᠴᠠᠷᠠᠯ ᠤᠨ ᠠᠯᠢᠪᠠ ᠪᠠᠨ ᠡᠡᠮᠦᠷᠧ ᠳᠡᠭᠡᠨ ᠡᠷᠭᠦᠶ᠎ᠡ ︕

ᠡᠳᠦᠷ ᠬᠤᠨᠤᠭ ᠤᠳ ᠡᠭᠦᠯᠡ ᠨᠡᠭᠦᠭᠦ ᠰᠢᠭ᠌ ᠥᠩᠭᠡᠷᠡᠨ᠎ᠡ

ᠣᠢ᠌ᠯᠠᠳᠤ ᠵᠢᠷᠦᠭᠡᠨ ᠤ ᠪᠠᠨ ᠨᠦᠮᠦᠷᠢ ᠳ᠋ᠠᠭᠢ ᠬᠠᠢ᠌ᠷ᠎ᠠ ᠶᠢᠨ ᠢᠯᠴᠢᠨ ᠳᠤ ᠪᠢ

ᠡᠪᠦᠯ ᠢ ᠭᠦᠯᠴᠦᠭᠡᠵᠤ ᠰᠠᠭᠤᠨ᠎ᠠ

ᠥᠷᠭᠦᠯᠵᠢ ᠶᠢᠨ ᠨᠠᠮ ᠳᠠᠢ᠌ᠪᠣᠩ ᠳᠤᠮᠳᠠ ᠦᠳᠦ ᠣᠨᠠᠬᠤ ᠰᠢᠭ ᠴᠠᠭ ᠮᠦᠴᠡ ᠡᠷᠡᠰᠳᠡᠭᠦ ᠳᠤ

ᠦᠰᠦ ᠵᠠᠳᠠᠭᠠᠢ᠌ᠯᠠᠨ ᠣᠤᠠᠬᠤ ᠰᠠᠯᠭᠢ ᠳᠠᠩᠳᠠ ᠭᠢᠷᠠᠭᠤ ᠴᠠᠭᠢᠨ᠎ᠠ

ᠪᠣᠷᠤᠭ᠎ᠠ ᠭᠦᠰᠡᠭ᠍ᠰᠡᠨ ᠰᠢᠨᠠᠭᠠᠨ ᠬᠤᠷᠤᠬᠠᠢ ᠰᠢᠭ ᠪᠢ

ᠪᠣᠷᠤᠬᠠᠨ ᠨᠢᠳᠤ ᠶᠢ ᠴᠢᠨᠢ ᠰᠠᠨᠠᠵᠤ ᠯᠠ ᠰᠠᠭᠤᠨ᠎ᠠ

ᠪᠣᠴᠠᠵᠤ ᠢᠷᠠᠨ᠎ᠠ᠂ ᠨᠠᠳᠠ ᠢᠷᠠᠨ᠎ᠠ ᠭᠡᠭ᠍ᠰᠡᠭᠡᠷ ᠪᠢ

ᠳᠠᠷᠠᠭ᠎ᠠ ᠲᠦᠷᠦᠯ ᠶᠢᠡᠨ ᠭᠦᠯᠢᠶᠡᠭᠦ ᠰᠢᠭ᠌ ᠴᠢᠮᠢ᠋ᠢ ᠯᠠ ᠭᠦᠯᠢᠶᠡᠨ᠎ᠡ

ᠳᠠᠷᠠᠰᠤ ᠱᠤᠤᠭᠢᠨ᠎ᠠ

ᠳᠡᠯᠡᠭᠡᠢ ᠶᠢᠨ ᠰᠤᠷᠮᠤᠤᠰᠤ ᠱᠠᠭᠱᠤᠤᠷᠭᠠᠯᠠᠵᠤ ᠶ‍ᠢᠰᠤ ᠢᠷᠠᠨ᠎ᠠ

ᠳᠠᠪᠠᠯ ᠤᠨ ᠰᠤᠭᠤ ᠬᠠᠭᠵᠠᠷᠬᠠᠢ ᠰᠢᠭ

ᠳᠡᠷᠭᠡᠳᠡ ᠴᠢ ᠪᠠᠢ᠌ᠬᠤ ᠦᠭᠡᠶ ᠪᠣᠯ ᠭᠦᠢᠳᠡ ᠠᠯᠳᠠᠨ ᠵᠢᠩᠳᠠᠨ᠎ᠠ

ᠨᠥᠮᠦᠷᠦᠭ᠍ᠰᠡᠨ ᠬᠠᠷᠠᠩᠭ᠋ᠤᠢ ᠳᠤᠮᠳᠠ ᠯᠠ ᠠᠰᠠᠭᠠᠬᠤ ᠳᠤ ᠰᠡᠭᠦᠳᠡᠷ ᠤᠳ ᠵᠢᠭᠤᠳᠠᠰᠭᠢᠨ᠎ᠠ

ᠨᠥᠮᠦᠭᠡᠨ ᠰᠠᠭᠤᠵᠤ 《ᠴᠢᠮᠠᠳᠤ ᠬᠠᠢ᠌ᠷᠠᠳᠠᠢ》 ᠭᠡᠵᠤ ᠰᠢᠯᠦᠭ᠌ ᠳᠡᠷᠯᠡᠭᠦ ᠳᠤ

ᠭᠡᠷᠡᠯ ᠪᠦᠴᠢᠭᠦ ᠰᠦᠨᠢ ᠮᠢᠨᠤ ᠣᠢ᠌ᠤᠠᠬᠠᠷ ᠰᠢᠭ ᠰᠡᠭᠦᠳᠡᠭᠡᠨᠡᠨ᠎ᠡ

ᠡᠳᠦᠷ ᠪᠣᠯ ᠭᠡᠭᠡ ᠲᠡᠶ ᠰᠦᠨᠢ

ᠰᠦᠨᠢ ᠪᠣᠯ ᠭᠡᠭᠡ ᠦᠭᠡᠶ ᠡᠳᠦᠷ

ᠬᠠᠢ᠌ᠷ᠎ᠠ ᠪᠣᠯ ᠱᠠᠯ ᠳᠡᠨᠡᠭ᠌ ᠳᠠᠮᠤᠯᠤᠯ

ᠬᠠᠢ᠌ᠷᠠᠯᠠᠯᠳᠠᠢ ᠡᠳᠦᠷ ᠬᠤᠨᠤᠭ ᠤᠳ ᠮᠥᠷᠦᠭᠡᠳᠦᠯ ᠶᠢᠡᠷ ᠪᠣᠯᠬᠠᠭᠳᠠᠵᠤ ᠪᠠᠢ᠌ᠨ᠎ᠠ

ᠣᠢ᠌ᠤᠠᠬᠠᠷ ᠲᠡᠶ ᠦᠶ᠎ᠡ ᠳᠡᠭᠡᠨ ᠴᠢᠮᠢ᠋ᠢ ᠮᠥᠷᠦᠭᠡᠳᠴᠤ ᠳᠠᠢ᠌ᠪᠣᠰᠢᠷᠠᠬᠤ

ᠣᠢ᠌ᠳᠠᠢ ᠰᠦᠨᠢ ᠨᠤᠭᠦᠳ ᠢ ᠭᠦᠢᠳᠡᠨ ᠳᠠᠷ᠎ᠠ ᠳᠡᠭᠡᠷ᠎ᠡ ᠪᠠᠨ ᠬᠤᠯᠵᠢᠭᠠᠵᠤ ᠪᠣᠯᠬᠤ ᠁

ᠣᠢ᠌ᠰᠤ ᠰᠢᠭ᠌ ᠡᠯᠡᠷᠡᠭ᠍ᠰᠡᠨ ᠳᠤᠷᠠᠳᠬᠠᠯ ᠶᠢᠡᠨ ᠰᠡᠭᠦᠵᠤ

ᠣᠭᠢᠯᠠᠨ ᠬᠠᠢ᠌ᠯᠠᠨ ᠪᠢ ᠴᠢᠨᠢ ᠴᠢᠮᠢ᠋ᠢ ᠪᠠᠨ ᠰᠠᠨᠠᠵᠤ ᠴᠤ ᠪᠣᠯᠬᠤ ᠁

ᠭᠠᠭᠴᠠᠭᠠᠷ ᠶᠢᠡᠨ ᠪᠠᠢ᠌ᠬᠤ ᠴᠠᠭ ᠮᠦᠴᠡ ᠨᠤᠭᠦᠳ

ᠭᠠᠷ ᠤᠨ ᠰᠠᠯᠠᠭ᠎ᠠ ᠪᠠᠷ ᠴᠤᠪᠣᠬᠤ ᠡᠯᠡᠰᠤ ᠰᠢᠭ᠌ ᠡᠮᠵᠡᠭ᠍‍ᠭᠡᠨ ︕

ᠴᠠᠭ ᠮᠦᠴᠡ ᠦᠨᠡᠨ ᠳᠡᠭᠡᠨ ᠭᠦᠡᠳᠡᠷᠴᠤ ᠣᠤᠭᠤᠭᠰᠠᠨ ᠠᠷᠢᠭᠢ ᠶᠤᠮ

ᠴᠠᠭ ᠮᠦᠴᠡ ᠦᠨᠡᠨ ᠳᠡᠭᠡᠨ ᠬᠤᠪ ᠬᠤᠭᠤᠰᠤᠨ ᠥᠯᠡᠳᠡᠭ᠍ᠰᠡᠨ ᠬᠤᠠᠳᠠᠭ᠎ᠠ ᠶᠤᠮ

ᠴᠠᠭ ᠮᠦᠴᠡ ᠦᠨᠡᠨ ᠳᠡᠭᠡᠨ

ᠴᠠᠢ᠌ᠳᠠᠮ ᠤᠨ ᠪᠣᠷᠤ ᠳᠠᠷᠠᠰᠤᠨ ᠳᠤᠮᠳᠠᠭᠤᠷ ᠰᠦᠯᠵᠢᠵᠤ ᠨᠠᠭᠠᠳᠤᠭᠰᠠᠨ ᠪᠠᠯᠠᠷ ᠤᠨ ᠴᠡᠩᠭᠡᠷ ᠰᠠᠯᠭᠢ ᠶᠤᠮ

ᠴᠠᠭ ᠮᠦᠴᠡ ᠦᠨᠡᠨ ᠳᠡᠭᠡᠨ

ᠴᠢ ᠪᠢᠳᠠ ᠬᠤᠶᠠᠷ ᠤᠨ ᠵᠢᠷᠦᠭᠡᠨ ᠳᠡᠭᠡᠭᠦᠷ ᠣᠷᠤᠰᠴᠤ ᠪᠠᠢ᠌ᠭ᠎ᠠ ᠠᠵᠠ ᠵᠢᠷᠭᠠᠯ ᠶᠤᠮ ︕

ᠦᠭ‍ᠭᠦᠭᠡᠳ ᠪᠠᠷᠠᠬᠤ ᠦᠭᠡᠶ ᠦᠷᠢ ᠳᠦᠯᠦᠭᠡᠰᠤᠨ ᠤ ᠪᠠᠨ ᠳᠦᠯᠦᠭᠡ

ᠥᠭᠡ ᠨᠢ ᠢᠯᠡᠭᠦᠳᠡᠭᠦ ᠬᠠᠢ᠌ᠷ᠎ᠠ ᠶᠢᠨ ᠶᠢᠡᠨ ᠳᠦᠯᠦᠭᠡ

ᠱᠠᠩᠬᠤᠨ ᠤ ᠴᠢᠨᠢ ᠪᠦᠯᠢᠶᠡᠨ ᠦᠨᠦᠷ ᠢ ᠥᠨᠦᠰᠭᠦ ᠶᠢᠨ ᠳᠦᠯᠦᠭᠡ

ᠰᠠᠨᠠᠵᠤ ᠯᠠ ᠭᠠᠩᠰᠠᠷᠠᠭᠰᠠᠨ ᠰᠸᠺᠦ᠋ᠨᠳ᠋ ᠪᠣᠯᠭᠠᠨ ᠤ ᠪᠠᠨ ᠳᠦᠯᠦᠭᠡ

ᠰᠠᠶ‍ᠢᠬᠠᠨ ᠳᠡᠷᠭᠡᠳᠡ ᠮᠢᠨᠢ ᠪᠠᠢ᠌ᠭᠰᠠᠨ ᠬᠤᠷᠢᠨ ᠳᠠᠪᠤᠨ ᠨᠠᠰᠤᠨ ᠤ ᠪᠠᠨ ᠳᠦᠯᠦᠭᠡ

ᠰᠠᠨᠠᠨ ᠰᠠᠨᠠᠨ ᠪᠢ ᠬᠠᠢ᠌ᠷᠠᠳᠠᠢ ᠭᠡᠵᠤ ᠭᠡᠯᠡᠭᠦ ᠳᠤᠷᠠᠳᠠᠢ ︕

ᠪᠢ ᠴᠢᠮᠠᠳᠤ ᠬᠠᠢ᠌ᠷᠠᠳᠠᠢ

ᠴᠢ ᠴᠤ ᠨᠠᠳᠠ ᠬᠠᠢ᠌ᠷᠠᠳᠠᠢ

ᠪᠢᠠᠳᠤᠷᠢᠶᠠᠨ ᠴᠡᠩᠭᠡᠷ ᠳᠡᠭ᠍ᠷᠢ ᠳᠤ ᠪᠢᠳᠠ ᠬᠤᠶᠠᠭᠤᠯᠠ ᠬᠠᠢ᠌ᠷᠠᠳᠠᠢ

ᠮᠢᠨᠤ ᠣᠮᠪᠠᠳᠠᠭ ᠠᠯᠠᠭᠠᠭᠬᠠᠨ ᠵᠠᠳᠠᠭᠠᠢ ᠶᠢᠨ ᠰᠢᠨᠠᠭᠠᠨ ᠬᠤᠷᠤᠬᠠᠢ ᠳᠤ ᠴᠢ ᠬᠠᠢ᠌ᠷᠠᠳᠠᠢ

ᠮᠢᠨᠤ ᠳᠤᠭᠯᠠᠳᠠᠭ ᠣᠯᠠᠭᠠᠨ ᠬᠠᠳᠠᠨ ᠤ ᠱᠠᠭᠠᠨ ᠴᠢᠯᠠᠭᠤᠳ ᠳᠤ ᠴᠢ ᠬᠠᠢ᠌ᠷᠠᠳᠠᠢ

ᠮᠢᠨᠤ ᠣᠨᠤᠭ᠎ᠠ ᠠᠯᠳᠠᠭ᠎ᠠ ᠪᠦᠭᠦᠨ ᠳᠤ ᠴᠢ ᠬᠠᠢ᠌ᠷᠠᠳᠠᠢ

ᠮᠢᠨᠤ ᠣᠯᠠᠭᠠᠨ ᠵᠢᠷᠦᠭᠡᠨ ᠳᠤ ᠴᠢ ᠦᠪᠡᠷ ᠤᠨ ᠣᠯᠠᠭᠠᠨ ᠵᠢᠷᠦᠭᠡᠨ ᠡᠴᠡ ᠪᠠᠨ ᠢᠯᠡᠭᠦᠤ ᠬᠠᠢ᠌ᠷᠠᠳᠠᠢ

ᠴᠢᠮᠠᠳᠤ ᠪᠢ ᠬᠠᠢ᠌ᠷᠠᠳᠠᠢ


ᠵᠤᠬᠢᠶᠠᠭᠴᠢ ᠶᠢᠨ ᠬᠠᠶ‍ᠢᠭ ᠄ ᠵᠠᠷᠤᠳ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠳᠡᠷᠭᠡᠯ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ