☆ ᠬᠠᠰᠭᠢᠷᠤᠯ
ᠭᠦᠭ᠍ᠵᠢᠮᠴᠢᠨ ᠡᠵᠢ
ᠥᠨᠡᠭᠡᠨ ᠬᠠᠷᠠᠩᠭ᠋ᠤᠢ ᠬᠤᠩᠬ᠎ᠠ ᠮᠥᠷᠭᠦᠨ ᠮᠠᠠᠳᠤᠯᠠᠵᠤ
ᠥᠷᠯᠦᠭ᠌ ᠡᠵᠢ ᠰᠠᠯᠠᠮ᠎ᠠ ᠰᠢᠭ᠌ ᠭᠢᠯᠠᠰᠤᠨ ᠪᠣᠰᠴᠤ
ᠣᠰᠤᠨ ᠤ ᠱᠤᠤᠭᠢᠶᠠᠨ ᠬᠠᠪᠴᠢᠯ ᠳᠠᠰᠢᠨ ᠭᠦᠶᠦᠵᠤ
ᠣᠯᠠᠷᠢᠯ ᠤᠨ ᠰᠠᠯᠭᠢ ᠬᠠᠴᠠᠷ ᠳᠠᠭᠠᠯᠠᠨ ᠪᠣᠢ᠌ᠯᠠᠵᠤ
ᠰᠦᠨᠢ ᠶᠢᠨ ᠣᠳᠤᠳ ᠰᠠᠭᠤᠯᠭᠠᠨ ᠳᠤ ᠣᠨᠠᠨ ᠭᠦᠭᠡᠰᠦᠷᠡᠵᠤ
ᠰᠦ᠋ ᠶᠢᠨ ᠡᠭᠡᠰᠢᠭ᠌ ᠡᠵᠢ ᠶᠢᠨ ᠭᠠᠷ ᠳᠡᠭᠡᠷ᠎ᠡ ᠳᠠᠭᠤᠯᠠᠳᠠᠭ ᠰᠠᠨ︕
ᠦᠷ ᠴᠠᠢ᠌ᠷᠠᠨ ᠳᠡᠭ᠍ᠷᠢ ᠶᠢᠨ ᠳᠠᠩᠨᠠᠢ ᠭᠦᠭᠡᠷᠡᠵᠤ
ᠦᠨᠢᠶ᠎ᠡ ᠮᠥᠭᠡᠷᠡᠨ ᠵᠠᠯᠠᠨ ᠤ ᠨᠤᠲ᠋ ᠴᠤᠴᠠᠷᠠᠵᠤ
ᠨᠢᠷᠠᠢ ᠳᠤᠭᠤᠯ ᠴᠢᠠᠠᠳᠠᠨ ᠳᠤ ᠭᠦᠯᠴᠢᠨ ᠬᠤᠴᠤᠷᠴᠤ
ᠨᠢᠯᠬ᠎ᠠ ᠳᠤᠶᠠᠭ᠎ᠠ ᠭᠦᠳᠦᠯ ᠶᠢᠡᠷ ᠰᠢᠷᠭᠤᠨ ᠭᠠᠢ᠌ᠬᠠᠵᠤ
ᠥᠡᠳᠦᠷᠯᠢᠭ᠌ ᠤᠨ ᠡᠵᠢ ᠰᠦᠨ ᠤ ᠳᠡᠭᠡᠵᠢ ᠡᠷᠭᠦᠵᠤ
ᠥᠷᠯᠦᠭᠡᠨ ᠤ ᠮᠠᠠᠳᠤ ᠰᠠᠭᠤᠯᠭᠠᠨ ᠳᠤ ᠪᠢᠯᠬᠠᠨ ᠰᠤᠭᠳᠤᠳᠠᠭ ᠰᠠᠨ︕
ᠰᠢᠪᠠᠭᠤᠳ ᠪᠣᠴᠠᠭᠰᠠᠨ ᠬᠣᠢ᠌ᠨ᠎ᠠ
ᠰᠢᠪᠠᠭᠤᠳ ᠪᠣᠴᠠᠭᠰᠠᠨ ᠬᠣᠢ᠌ᠨ᠎ᠠ
ᠨᠠᠭᠤᠷ ᠪᠠᠶᠠᠷᠯᠠᠵᠤ ᠨᠢᠭᠡ ᠰᠠᠢ᠌ᠨ ᠠᠮᠠᠷᠠᠶ᠎ᠠ ᠭᠡᠪᠡ
ᠣᠳᠠᠭᠰᠠᠨ ᠴᠤ ᠦᠭᠡᠶ ᠨᠠᠭᠤᠷ ᠬᠠᠷᠢᠨ
ᠭᠦᠭᠡᠷᠦᠭᠦᠨ ᠰᠢᠪᠠᠭᠤᠳ ᠶᠢᠡᠨ ᠰᠠᠨᠠᠵᠤ
ᠭᠦᠪᠠᠭᠡᠨ ᠡᠴᠡ ᠪᠠᠨ ᠵᠠᠢ᠌ᠷᠳᠠᠨ ᠣᠭᠢᠯᠠᠵᠤ ᠡᠭᠢᠯᠡᠪᠡ
ᠭᠦᠪᠠᠭᠡ ᠶᠢᠨ ᠨᠠᠪᠴᠢᠰ ᠪᠦᠮᠪᠠᠷᠢᠵᠤ
ᠭᠦᠳᠦᠯ ᠤᠨ ᠠᠷᠤ ᠴᠠᠩᠳᠠᠵᠤ ᠳᠠᠭᠤᠰᠬᠤ ᠳᠤ
ᠭᠦᠭᠡᠷᠦᠭᠦᠢ ᠨᠠᠭᠤᠷ
ᠭᠡᠳᠤᠨ ᠰᠢᠷᠭᠡᠭ᠌ ᠦᠳᠦ ᠳᠠᠪᠠᠷᠢᠵᠤ
ᠭᠦᠯᠳᠡᠵᠤ ᠥᠭᠦᠵᠡᠢ᠃
ᠭᠦᠮᠤᠨ ᠤ ᠵᠠᠶᠠᠭ᠎ᠠ ᠲᠡᠶ ᠶᠠᠮᠠᠷ ᠠᠳᠠᠯᠢ ᠶᠤᠮ ᠭᠡᠵᠤ
ᠭᠦᠭᠦᠭᠡ ᠳᠤᠩᠭ᠋ᠤᠳᠤᠨ ᠱᠤᠭᠯᠠᠪᠠ
ᠬᠤᠷᠸ᠎ᠠ ᠶᠢᠨ ᠵᠢᠮ᠎ᠠ ᠶᠤᠮ᠂ ᠭᠦᠤ ᠮᠢᠨᠢ ᠭᠡᠵᠤ
ᠬᠤᠷᠮᠤᠰᠳᠠ ᠶᠢᠨ ᠡᠯᠴᠢ ᠬᠠᠷᠢᠭᠤᠯᠪᠠ᠃
ᠵᠤᠬᠢᠶᠠᠭᠴᠢ᠄ ᠬᠠᠰᠭᠢᠷᠤᠯ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄
ᠰᠢᠯᠦᠭᠳᠠᠷᠤᠮ᠄ 4110
ᠴᠠᠭ᠄ 2008 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ