ᠨᠡᠪᠲᠡᠷᠡᠨ ᠤᠷᠤᠬᠤ
ᠨᠣᠲᠣᠭ ᠤᠨ ᠲᠡᠭᠷᠢ

ᠨᠢᠭᠡ


ᠬᠠᠷᠠᠭᠠᠨ᠎ᠠ ᠶᠠᠰᠢᠯ ᠲᠡᠶ ᠡᠨᠡ ᠰᠢᠯᠢ ᠶᠢᠨ ᠣᠷᠤᠢ ᠨᠢ ᠳᠠᠪᠢᠨ ᠭᠠᠵᠠᠷ ᠤᠨ ᠥᠵᠦᠭᠦᠷ ᠲᠤ ᠪᠠᠷ᠎ᠠ ᠪᠠᠨ ᠥᠭ᠍ᠴᠤ᠂ ᠡᠮᠦᠨᠡᠰᠢ ᠪᠠᠨ ᠨᠡᠯᠥᠢᠭ᠍ᠰᠡᠨ ᠠᠭᠤᠳᠠᠮ ᠨᠤᠭᠤᠭᠠᠨ ᠪᠠᠯᠴᠢᠭᠡᠷ ᠲᠡᠶ᠂ ᠴᠠᠪᠠᠷ ᠳᠤᠩᠭ᠋ᠠᠯᠠᠭ ᠭᠤᠤᠯ ᠭᠤᠷᠤᠬ᠎ᠠ ᠲᠡᠶ ᠪᠠᠢ᠌ᠳᠠᠭ ᠶᠢᠡᠷ ᠶᠢᠡᠨ ᠦᠶ᠎ᠡ ᠦᠶ᠎ᠡ ᠶᠢᠨ ᠭᠦᠮᠤᠨ ᠠᠷᠠᠤᠨ ᠤᠨ ᠠᠮᠢᠳᠤᠷᠠᠨ ᠰᠠᠭᠤᠬᠤ ᠳᠠᠪᠠᠳᠠᠢ ᠣᠷᠤᠨ ᠪᠣᠯᠤᠭᠰᠠᠨ ᠪᠠᠢ᠌ᠨ᠎ᠠ᠃ ᠠᠯᠢ ᠡᠷᠳᠡ ᠡᠴᠠ ᠠᠪᠣᠭᠠᠤᠨ ᠡ᠊ᠡᠳᠡᠭᠢ ᠶᠢ ᠭᠦᠮᠦᠰ ᠶᠠᠷᠤ ᠨᠢ ᠭᠦᠷᠦᠰᠤ ᠰᠢᠷᠤᠢ ᠨᠢ ᠦᠩ ᠰᠢᠮᠡᠯᠢᠭ᠌᠂ ᠭᠦᠮᠤᠨ ᠠᠷᠠᠤᠨ ᠨᠢ ᠣᠬᠠᠭᠠᠨ ᠰᠡᠷᠭᠦᠯᠡᠩ᠂ ᠭᠦᠯᠦᠭ᠌ ᠮᠤᠷᠢᠤᠨ ᠨᠢ ᠰᠠᠢ᠌ᠪᠣᠷ ᠵᠢᠷᠤᠭᠠᠯᠠᠩ ᠭᠡᠯᠴᠡᠳᠡᠭ᠌᠃ ᠠᠭᠤᠳᠠᠮ ᠳᠠᠯ᠎ᠠ ᠶᠢᠨ ᠭᠢᠨᠢ ᠳᠤᠮᠳᠠ ᠣᠷᠭ᠎ᠠ ᠶᠢᠨ ᠮᠤᠷᠢᠨ ᠳᠠᠭᠠᠨ ᠳᠠᠰᠢᠶᠠᠯᠳᠤᠨ ᠰᠠᠭᠤᠭᠰᠠᠨ ᠨᠢᠭᠡ ᠭᠦᠳᠡᠷᠯᠢᠭ᠌ ᠳᠤᠮᠤ ᠡᠷ᠎ᠡ ᠶᠢᠨ ᠢᠰᠭᠡᠷᠡᠭᠦ ᠳᠠᠭᠤᠨ᠂ ᠠᠯᠢ ᠬᠤᠯᠠ ᠡᠴᠠ ᠰᠤᠨᠤᠰᠳᠠᠬᠤ ᠪᠠᠷ ᠨᠢ ᠶᠠᠮᠠᠷ ᠨᠢᠭᠡᠨ ᠠᠵᠢᠯ ᠣᠢ᠌ᠯᠠᠰ ᠨᠢ ᠠᠮᠵᠢᠯᠳᠠ ᠪᠦᠳᠦᠮᠵᠢ ᠲᠡᠶ ᠪᠣᠯᠤᠭᠰᠠᠨ ᠶᠤᠮ ᠦᠦ ︖ ᠡᠰᠡᠭᠦᠯ᠎ᠡ ᠠᠵᠤ ᠠᠮᠢᠳᠤᠷᠠᠯ ᠨᠢ ᠭᠡᠵᠢᠶ᠎ᠡ ᠴᠤ ᠭᠡᠰᠡᠨ ᠢᠨᠢᠶᠠᠳᠤ ᠴᠠᠯᠭᠢᠯᠠᠵᠤ ᠪᠠᠢ᠌ᠳᠠᠭ ᠢ ᠳᠠᠭᠠᠮᠠᠭᠯᠠᠵᠤ ᠪᠣᠯᠤᠨ᠎ᠠ᠃

ᠡᠨᠡ ᠭᠦᠮᠤᠨ ᠪᠣᠯ ᠴᠢ ᠪᠢᠳᠠᠨ ᠲᠡᠶ ᠳᠠᠨᠢᠯᠴᠠᠨ᠎ᠠ ᠭᠡᠵᠤ ᠪᠠᠢ᠌ᠭ᠎ᠠ ᠬᠤᠰᠢᠭᠤ ᠳᠠᠮᠴᠢ ᠰᠤᠩᠨᠢ ᠪᠣᠯᠤᠨ᠎ᠠ᠃ ᠬᠤᠰᠢᠭᠤ ᠳᠠᠮᠴᠢ ᠪᠣᠯᠵᠤ᠂ ᠮᠢᠩᠭ᠋ᠠᠨ ᠯᠠᠮᠠ ᠶᠢᠨ ᠢᠳᠠᠵᠤ ᠣᠤᠭᠤᠬᠤ ᠶᠢ ᠬᠠᠷᠢᠭᠤᠴᠠᠨ᠎ᠠ ᠭᠡᠭ᠍ᠴᠢ ᠡᠭᠡᠯ ᠠᠷᠠᠤᠨ ᠰᠤᠩᠨᠢ ᠪᠠᠢ᠌ᠳᠤᠭᠠᠢ᠂ ᠪᠠᠷᠤᠭ ᠤᠨ ᠪᠠᠶᠠᠨ ᠡᠷᠭᠢᠮ ᠭᠦᠮᠦᠰ ᠴᠤ ᠳᠠᠢ᠌ᠯ ᠠᠯᠳᠠᠳᠠᠭ ᠶᠤᠮ᠃ ᠭᠡᠳᠡᠯ᠎ᠡ᠂ ᠳᠠᠷᠠ ᠡᠳᠦᠷ ᠬᠤᠰᠢᠭᠤ ᠸᠠᠩ ᠪᠠᠶ᠎ᠠ ᠪᠠᠷ ᠶᠢᠡᠨ ᠮᠤᠷᠢᠯᠠᠨ ᠰᠠᠭᠠᠳᠠᠵᠤ᠂ ᠳᠡᠭᠦᠨ ᠢ ᠡᠢ᠌ᠮᠤ ᠰᠠᠢ᠌ᠨ᠂ ᠳᠠᠢ᠌ᠮᠤ ᠰᠤᠨᠢᠨ᠂ ᠢᠩᠭᠢᠭᠦ ᠴᠢᠳᠠᠯ ᠲᠡᠶ ᠳᠡᠭᠡᠭᠦ ᠠᠪᠢᠶᠠᠰ ᠲᠡᠶ ᠭᠡᠵᠤ ᠦᠨᠳᠦᠷ ᠮᠠᠯᠠᠭᠠᠢ᠌ᠳᠠᠭᠰᠠᠭᠠᠷ ᠪᠠᠢ᠌ᠵᠤ᠂ ᠬᠤᠰᠢᠭᠤ ᠳᠠᠮᠴᠢ ᠶᠢᠨ ᠭᠦᠡᠳᠤ ᠠᠯᠪᠠ ᠶᠢ ᠳᠤᠯᠭᠠᠵᠤ ᠪᠢᠯᠠ᠃

ᠨᠠᠷᠢᠨ ᠳᠤᠭᠠᠴᠢᠪᠠᠯ᠂ ᠡᠭᠦᠨ ᠡᠴᠠ ᠨᠢᠭᠡ ᠵᠢᠯ ᠤᠨ ᠡᠮᠦᠨᠡᠭᠢ ᠨᠢᠭᠡ ᠣᠴᠢᠷ ᠢ ᠳᠤᠷᠠᠤᠠᠬᠤ ᠴᠢᠬᠤᠯᠠ ᠲᠡᠶ᠃ ᠰᠤᠩᠨᠢ ᠭᠤᠸᠠᠢ ᠳᠡᠯᠡᠮᠡᠯᠵᠡᠭᠦᠯᠦᠭ᠍ᠰᠡᠨ ᠰᠠᠢ᠌ᠪᠣᠷ ᠴᠠᠪᠢᠳᠠᠷ ᠶᠢᠡᠨ ᠣᠨᠤᠨ᠂ ᠭᠠᠯᠠᠭᠤᠳᠤ ᠳᠤ ᠣᠴᠢᠭᠠᠤᠨ ᠭᠦᠭᠡ ᠳᠤᠯᠤᠭᠠᠢ ᠪᠠᠷ ᠪᠣᠴᠠᠬᠤ ᠵᠠᠮ ᠵᠠᠭᠤᠷ᠎ᠠ ᠪᠠᠨ ᠪᠠᠠᠽᠠᠷ ᠭᠡᠰᠡᠨ ᠠᠳᠤᠭᠤᠴᠢᠨ ᠲᠡᠶ ᠠᠳᠤᠭᠤᠨ ᠰᠥᠷᠦᠭ᠌ ᠶᠢᠡᠨ ᠣᠰᠤᠯᠠᠵᠤ ᠪᠠᠢ᠌ᠬᠤ ᠳᠡᠭᠡᠷ᠎ᠡ ᠳᠠᠭᠠᠷᠠᠪᠠ᠃ ᠪᠦᠷ ᠮᠤᠩᠭ᠋ᠤᠯ ᠭᠦᠮᠦᠰ ᠪᠠᠢ᠌ᠨ᠎ᠠ᠃ ᠠᠮᠤᠷ ᠮᠠᠠᠳᠤ ᠪᠠᠨ ᠠᠰᠠᠭᠤᠯᠴᠠᠨ᠂ ᠠᠯᠢ ︖ ᠳᠠᠷᠠ ᠭᠡᠵᠤ ᠵᠤᠭᠤᠭ ᠳᠡᠯᠭᠡᠭ᠍ᠰᠡᠭᠡᠷ ᠪᠠᠢ᠌ᠭᠠᠤᠨ᠂ ᠰᠠᠨᠠᠮᠰᠠᠷ ᠦᠭᠡᠶ ᠦᠪᠡᠷ ᠤᠨ ᠣᠨᠤᠵᠤ ᠶᠠᠪᠣᠭ᠎ᠠ ᠰᠠᠢ᠌ᠪᠣᠷ ᠴᠠᠪᠢᠳᠠᠷ ᠶᠢᠡᠨ᠂ ᠳᠡᠭᠦᠨ ᠤ ᠠᠳᠤᠭᠤᠨ ᠰᠥᠷᠦᠭ᠌ ᠤᠨ ᠳᠤᠮᠳᠠᠭᠢ ᠪᠠᠶ᠎ᠠ ᠬᠠᠳᠠ ᠪᠠᠷ ᠦᠨᠳᠦᠷ᠂ ᠠᠯᠳᠠ ᠨᠢ ᠣᠷᠳᠤ ᠡᠩ ᠤᠨ ᠨᠢᠭᠡ ᠭᠡᠭᠡᠷ ᠮᠤᠷᠢ ᠪᠠᠷ ᠰᠤᠯᠢᠵᠠᠢ᠃ ᠶᠤᠰᠤᠳᠠᠢ ᠯᠠ ᠬᠤᠶᠠᠷ ᠡᠷ᠎ᠡ ᠭᠦᠮᠤᠨ ᠪᠠᠢ᠌ᠨ᠎ᠠ ᠳ᠋ᠠ᠂ ᠡᠭᠡᠷᠡᠮ᠎ᠡ ᠳᠠᠯ᠎ᠠ ᠳᠡᠭᠡᠷ᠎ᠡ ᠠᠭᠤᠯᠵᠠᠮᠠᠭᠴᠠ ᠰᠤᠯᠢᠨ᠎ᠠ ᠭᠡᠭ᠍ᠰᠡᠭᠡᠷ ᠪᠣᠳᠤᠯᠭᠢᠯᠠᠬᠤ ᠴᠢᠯᠦᠭᠡ ᠦᠭᠡᠶ ᠰᠤᠯᠢᠵᠤ ᠪᠢᠯᠠ᠃ ᠦᠨᠡᠨ ᠢ ᠭᠡᠯᠡᠪᠠᠯ᠂ ᠪᠠᠠᠽᠠᠷ ᠨᠢ ᠴᠠᠪᠢᠳᠠᠷ ᠤᠨ ᠰᠠᠢ᠌ᠪᠣᠷ ᠵᠢᠷᠤᠭ᠎ᠠ ᠶᠢ ᠥᠵᠡᠮᠡᠭ᠍ᠴᠡ ᠳᠤᠭᠤᠵᠤ᠂ ᠰᠤᠩᠨᠢ ᠨᠢ ᠭᠡᠭᠡᠷ ᠮᠤᠷᠢᠨ ᠤ ᠳᠠᠷᠠᠩ ᠦᠨᠳᠦᠷ ᠪᠠᠶ᠎ᠠ ᠶᠢ ᠬᠠᠷᠠᠮᠠᠭᠴᠠ ᠳᠤᠷᠠᠯᠠᠭᠰᠠᠨ ᠪᠠᠢ᠌ᠵᠠᠢ᠃


ᠬᠤᠶᠠᠷ


ᠮᠠᠡᠭᠬ᠎ᠠ ᠪᠠᠯᠠᠷ᠂ ᠪᠣᠷᠭᠠᠰᠤᠨ ᠴᠠᠢ᠌ᠳᠠᠮ ᠤᠨ ᠳᠤᠮᠳᠠᠭᠤᠷᠭᠢ ᠨᠠᠷᠢᠬᠠᠨ ᠵᠥᠷᠢᠭ᠌ ᠵᠠᠮ ᠢ ᠲᠠᠭᠠᠨ ᠭᠠᠯᠭᠢᠭᠤᠯᠤᠭᠰᠠᠨ ᠰᠤᠩᠨᠢ ᠶᠢᠨ ᠳᠤᠳᠤᠷ᠎ᠠ ᠶᠡᠭᠡ ᠪᠠᠶᠠᠷᠳᠠᠢ ᠪᠠᠢ᠌ᠯ᠎ᠠ᠃ ᠵᠠᠮ ᠵᠠᠭᠤᠷ᠎ᠠ ᠪᠠᠨ ᠳᠠᠷᠠ᠂ ᠡᠨᠡ ᠪᠠᠶᠠᠷ ᠢ ᠬᠤᠪᠢᠶᠠᠯᠴᠠᠬᠤ ᠪᠠᠷ ᠭᠡᠳᠤᠨ ᠭᠦᠮᠤᠨ ᠲᠡᠶ ᠠᠭᠤᠯᠴᠠᠵᠤ᠂ ᠦᠨᠳᠦᠷ ᠭᠡᠭᠡᠷ ᠢ ᠬᠤᠷᠳᠤᠨ ᠵᠢᠷᠤᠭ᠎ᠠ ᠮᠤᠷᠢ ᠪᠣᠯᠭᠠᠬᠤ ᠳᠤᠬᠠᠢ ᠪᠠᠨ ᠭᠡᠯᠡᠭ᠍ᠰᠡᠨ ᠳᠤ ᠭᠡᠨ ᠨᠢ ᠴᠤ ᠳᠤᠯᠤᠭᠠᠢ ᠰᠠᠵᠢᠨ ᠪᠢᠰᠢᠷᠡᠭ᠍ᠰᠡᠨ ᠦᠭᠡᠶ᠃ ᠬᠠᠷᠢᠵᠤ ᠢᠷᠡᠭᠡᠤᠨ ᠪᠠᠰᠠ ᠰᠠᠨᠠᠭ᠎ᠠ ᠳᠤᠠᠳᠠᠭᠤᠷ ᠳᠤᠯᠠ ᠶᠠᠭᠤᠨ ᠤ ᠣᠷᠢᠤᠨ ᠵᠡᠷᠭᠡᠯᠡᠳᠡᠭᠡ ᠠᠢ᠌ᠯ ᠤᠨ ᠰᠠᠢ᠌ᠨ ᠨᠠᠢ᠌ᠵᠠ ᠷᠢᠠᠴᠢᠨ ᠢ ᠡᠷᠢᠵᠤ ᠣᠴᠢᠪᠠ᠃ ᠰᠤᠩᠨᠢ ᠳᠠᠢ᠌ᠮᠤ ᠬᠤᠯᠠ ᠡᠴᠠ ᠷᠢᠠᠴᠢᠨ ᠤ ᠪᠠᠷ᠎ᠠ ᠶᠢ ᠥᠵᠡᠮᠡᠭ᠍ᠴᠡ᠂ ᠦᠨᠳᠦᠷ ᠳᠠᠭᠤᠤ ᠪᠠᠷ᠄

— ᠮᠢᠨᠤ ᠡᠨᠡ ᠳᠠᠷᠠᠩ ᠭᠡᠭᠡᠷ ᠴᠤ ᠶᠤᠰᠤᠳᠠᠢ ᠬᠤᠷᠳᠤᠨ ᠵᠢᠷᠤᠭ᠎ᠠ ᠮᠤᠷᠢ ᠪᠣᠯᠤᠨ᠎ᠠ ᠳ᠋ᠠ ᠭᠡᠵᠤ ᠬᠠᠰᠭᠢᠷᠪᠠ᠃ ᠷᠢᠠᠴᠢᠨ ᠬᠤᠯᠠ ᠡᠴᠠ ᠮᠤᠷᠢᠨ ᠤ ᠠᠯᠬᠤᠳᠠᠯ ᠢ ᠨᠠᠷᠢᠨ ᠠᠵᠢᠭᠯᠠᠭᠰᠠᠭᠠᠷ ᠢᠷᠠᠵᠤ᠂ ᠶᠡᠭᠡᠳᠡ ᠰᠤᠴᠢᠭᠰᠠᠨ ᠪᠠᠢ᠌ᠳᠠᠯ ᠲᠡᠶ ᠪᠠᠷ ᠮᠠᠩᠨᠠᠢ ᠳᠡᠭᠡᠷ᠎ᠡ ᠨᠢ ᠭᠠᠷ ᠶᠢᠡᠨ ᠳᠠᠯᠪᠢᠵᠤ ᠥᠵᠡᠭ᠍ᠰᠡᠨ ᠶᠢᠡᠨ᠄

— ᠴᠢᠨᠤ ᠪᠠᠶ᠎ᠠ ᠬᠠᠯᠠᠭᠤᠷᠠᠵᠤ ᠦᠭᠡᠶ ᠰᠢᠳᠠ ᠂ ᠶᠠᠭᠠᠭᠢᠭᠠᠤᠨ ᠬᠤᠤᠳᠤᠤ ᠥᠭᠡ ᠭᠡᠯᠡᠵᠤ ᠪᠠᠢ᠌ᠬᠤ ᠪᠣᠢ ︖ ᠭᠡᠵᠤ ᠱᠤᠭᠯᠠᠭᠰᠠᠨ ᠭᠡᠨ᠎ᠡ᠃

ᠡᠨᠡ ᠣᠴᠢᠷ ᠮᠦᠨ ᠢᠩᠭᠢᠭᠡᠤᠨ ᠥᠩᠭᠡᠷᠡᠪᠡ᠃ ᠮᠠᠷᠭᠠᠰᠢ ᠥᠷᠯᠦᠭᠡ ᠨᠢ ᠬᠠᠷ᠎ᠠ ᠡᠷᠳᠡ ᠪᠠᠷ ᠪᠣᠰᠤᠮᠠᠭᠴᠠ ᠮᠢᠨᠤ ᠨᠢᠳᠤ ᠠᠠᠳᠤᠬᠤ ᠶᠤᠰᠤ ᠦᠭᠡᠶ ᠭᠡᠵᠤ ᠳᠤᠳᠤᠷ᠎ᠠ ᠪᠠᠨ ᠰᠠᠮ ᠪᠣᠳᠤᠭᠰᠠᠨ ᠰᠤᠩᠨᠢ ᠭᠤᠸᠠᠢ ᠦᠮᠦᠳᠦ ᠪᠠᠨ ᠰᠢᠮᠠᠯᠠᠨ᠂ ᠣᠰᠤᠨ ᠱᠠᠬᠠᠢ ᠡᠮᠦᠰᠴᠤ᠄

— ᠥᠷᠯᠦᠭᠡ ᠶᠢᠨ ᠴᠢᠭᠢᠭ᠌ ᠲᠤ ᠴᠢᠳᠤᠷ ᠢᠯᠭᠠᠷᠠᠬᠤ ᠶᠤᠮ ᠪᠠᠢ᠌ᠨ᠎ᠠ ᠭᠡᠵᠤ ᠭᠡᠷ ᠤᠨ ᠭᠦᠮᠦᠰ ᠲᠡᠭᠡᠨ ᠰᠤᠨᠤᠰᠬᠠᠭᠰᠠᠭᠠᠷ ᠦᠨᠳᠦᠷ ᠭᠡᠭᠡᠷ ᠢ ᠪᠠᠷᠢᠵᠤ ᠠᠪᠴᠢᠷᠠᠨ ᠣᠶᠠᠪᠠ᠃ ᠠᠷᠭᠠᠯ ᠤᠨ ᠣᠳᠤᠭ᠎ᠠ ᠰᠢᠩᠭᠡᠷᠡᠨ ᠂ ᠠᠭᠠᠭ ᠲᠡᠶ ᠴᠠᠢ ᠪᠣᠴᠠᠯᠪᠠ᠃ ᠪᠦᠰᠡᠭᠦᠢ ᠣᠷᠢᠳᠠᠪᠠᠷ ᠨᠢᠭᠤᠷ ᠭᠠᠷ ᠶᠢᠡᠨ ᠣᠭᠢᠶᠠᠨ᠂ ᠦᠰᠦ ᠭᠡᠵᠢᠭᠡ ᠪᠠᠨ ᠰᠠᠮᠨᠠᠭᠰᠠᠨ ᠤ ᠳᠠᠷᠠᠭ᠎ᠠ᠂ ᠴᠢᠨᠠᠭᠰᠠᠨ ᠰᠥ᠋ ᠲᠡᠶ ᠴᠠᠢ ᠪᠠᠨ ᠠᠪᠴᠤ᠂ ᠳᠡᠭ᠍ᠷᠢ ᠭᠠᠵᠠᠷ ᠪᠣᠯᠤᠨ ᠭᠠᠯ ᠤᠨ ᠪᠣᠷᠬᠠᠨ ᠳᠠᠭᠠᠨ ᠡᠷᠭᠦᠪᠡ᠃ ᠴᠠᠢ ᠣᠤᠭᠤᠬᠤ ᠵᠠᠭᠤᠷ᠎ᠠ ᠭᠦᠯᠦᠰᠤ ᠪᠠᠨ ᠳᠠᠭᠢᠨ ᠳᠠᠭᠢᠨ ᠠᠷᠴᠢᠵᠤ᠂ ᠪᠠᠶᠠᠰᠤᠩᠭ᠋ᠤᠢ ᠴᠢᠷᠠᠢ᠌ᠯᠠᠭᠰᠠᠨ ᠰᠤᠩᠨᠢ ᠡᠴᠠ ᠭᠡᠭᠡᠷ ᠮᠤᠷᠢᠨ ᠤ ᠪᠠᠨ ᠳᠤᠬᠠᠢ ᠬᠤᠶᠠᠷ ᠣᠷᠭᠢᠮᠠᠷ ᠰᠠᠨᠠᠭᠳᠠᠭᠰᠠᠨ ᠪᠣᠯᠪᠠᠴᠤ ᠡᠨᠡ ᠨᠤᠳᠤᠭ ᠤᠨ ᠭᠦᠮᠦᠰ ᠴᠠᠢ ᠪᠣᠳᠠᠭ᠎ᠠ ᠢᠳᠠᠵᠤ ᠪᠠᠢ᠌ᠬᠤ ᠵᠠᠭᠤᠷ᠎ᠠ ᠣᠯᠠᠨ ᠳᠠᠪᠤᠨ ᠥᠭᠡ ᠭᠡᠯᠡᠵᠤ᠂ ᠶᠡᠭᠡ ᠪᠠᠭ᠎ᠠ ᠳᠤᠤᠭᠠᠷᠬᠤ ᠶᠢ ᠭᠡᠴᠡᠭᠦᠤ ᠴᠡᠭᠡᠷᠯᠡᠳᠡᠭ᠌ ᠳᠤᠯᠠ ᠠᠷᠭ᠎ᠠ ᠪᠣᠰᠤ ᠭᠡᠯᠡᠶ᠎ᠡ ᠭᠡᠰᠡᠨ ᠥᠭᠡ ᠪᠠᠨ ᠭᠡᠯᠡ ᠳᠤᠤᠷ᠎ᠠ ᠪᠠᠨ ᠳᠠᠷᠤᠪᠠ᠃

ᠨᠠᠷᠠ ᠵᠡᠭᠦᠨ ᠡᠮᠤᠨ᠎ᠡ ᠡᠴᠠ ᠲᠦᠮᠡᠨ ᠭᠡᠷᠡᠯ ᠶᠢᠡᠨ ᠰᠠᠴᠤᠷᠠᠭᠤᠯᠤᠭᠰᠠᠭᠠᠷ ᠠᠶᠠᠷᠬᠠᠨ ᠮᠠᠠᠳᠤᠯ᠎ᠠ᠃ ᠡᠳᠡᠨ ᠤ ᠭᠢᠨ ᠳᠤᠰ ᠳᠤᠰ ᠤᠨ ᠠᠵᠢᠯ ᠤᠨ ᠪᠠᠢ᠌ᠷᠢ ᠳᠠᠭᠠᠨ ᠭᠠᠷᠪᠠ᠃ ᠰᠤᠩᠨᠢ ᠭᠤᠸᠠᠢ ᠦᠨᠦᠳᠤᠷ ᠡᠴᠠ ᠡᠭᠢᠯᠡᠵᠤ ᠭᠤᠤᠯ ᠭᠢᠭᠦ ᠠᠵᠢᠯ ᠪᠣᠯ ᠦᠨᠳᠦᠷ ᠭᠡᠭᠡᠷ ᠲᠡᠭᠡᠨ ᠵᠢᠷᠤᠭ᠎ᠠ ᠰᠤᠷᠭᠠᠨ᠎ᠠ᠃ ᠳᠡᠭᠦᠨ ᠤ ᠥᠵᠡᠭᠦ ᠪᠠᠷ ᠵᠢᠷᠤᠭ᠎ᠠ ᠭᠡᠭ᠍ᠴᠢ ᠵᠥᠪᠭᠡᠨ ᠣᠳᠤᠮ ᠳᠠᠭᠠᠭᠰᠠᠨ ᠲᠦᠷᠦᠯᠭᠢ ᠶᠠᠭᠤᠮ᠎ᠠ ᠪᠢᠰᠢ᠂ ᠰᠠᠢ᠌ᠬᠠᠨ ᠰᠤᠷᠭᠠᠵᠤ ᠳᠤᠳᠤᠮᠳᠠᠪᠠᠯ ᠳᠦᠩᠰᠢᠶ᠎ᠠ ᠮᠤᠷᠢ ᠴᠤ ᠵᠢᠷᠤᠭ᠎ᠠ ᠪᠣᠯᠴᠢᠬᠠᠨ᠎ᠠ ᠭᠡᠨ᠎ᠡ᠃ ᠳᠠᠷᠠ ᠦᠨᠦᠳᠤᠷ ᠬᠤᠶᠠᠷ ᠥᠷᠦᠭᠡᠯ ᠪᠣᠯᠤᠨ ᠨᠢᠭᠡ ᠭᠦᠡᠳᠤ ᠳᠠᠬ᠎ᠠ ᠠᠪᠴᠢᠷᠠᠪᠠ᠃ ᠮᠤᠷᠢ ᠪᠠᠨ ᠳᠠᠬᠠᠯᠠᠭᠰᠠᠨ ᠤ ᠳᠠᠷᠠᠭ᠎ᠠ ᠬᠤᠶᠠᠷ ᠥᠷᠦᠭᠡᠯ ᠢ ᠵᠡᠷᠭᠡᠪᠠᠷ ᠭᠡᠷᠡᠭᠯᠡᠵᠤ ᠥᠷᠦᠭᠡᠯᠳᠦᠪᠡ᠃ ᠨᠢᠭᠡ ᠥᠷᠦᠭᠡᠯ ᠶᠢᠡᠷ ᠨᠢ ᠪᠠᠷᠠᠭᠤᠨ ᠳᠠᠯ᠎ᠠ ᠶᠢᠨ ᠬᠠ ᠪᠣᠯᠤᠨ ᠭᠤᠶ᠎ᠠ ᠶᠢ ᠬᠤᠯᠪᠣᠵᠤ᠂ ᠨᠥᠭᠦᠭᠡ ᠥᠷᠦᠭᠡᠯ ᠶᠢᠡᠷ ᠨᠢ ᠵᠡᠭᠦᠨ ᠳᠠᠯ᠎ᠠ ᠶᠢᠨ ᠬᠠ ᠪᠣᠯᠤᠨ ᠭᠤᠶ᠎ᠠ ᠶᠢ ᠬᠤᠯᠪᠣᠪᠠ᠃ ᠳᠠᠷᠠ᠂ ᠡᠨᠡ ᠳᠤᠬᠠᠢ ᠢᠩᠭᠢᠵᠤ ᠳᠠᠢ᠌ᠯᠪᠣᠷᠢᠯᠠᠪᠠ᠃ ᠵᠢᠷᠤᠭ᠎ᠠ ᠭᠡᠭ᠍ᠴᠢ ᠨᠢᠭᠡ ᠳᠠᠯ᠎ᠠ ᠶᠢᠨ ᠡᠮᠤᠨ᠎ᠡ ᠬᠣᠢ᠌ᠨ᠎ᠠ ᠬᠤᠶᠠᠷ ᠭᠦᠯ ᠵᠡᠷᠭᠡᠪᠠᠷ ᠭᠢᠰᠭᠢᠭ᠍ᠰᠡᠨ ᠤ ᠳᠠᠷᠠᠭ᠎ᠠ ᠨᠥᠭᠦᠭᠡ ᠳᠠᠯ᠎ᠠ ᠶᠢᠨ ᠡᠮᠤᠨ᠎ᠡ ᠬᠣᠢ᠌ᠨ᠎ᠠ ᠬᠤᠶᠠᠷ ᠭᠦᠯ ᠵᠡᠷᠭᠡᠪᠠᠷ ᠭᠢᠰᠭᠢᠭᠦ ᠶᠠᠪᠣᠳᠠᠯ ᠢ ᠭᠡᠯᠡᠨ᠎ᠡ᠃ ᠬᠠᠷᠢᠨ ᠳᠦᠩᠰᠢᠶ᠎ᠠ ᠠᠯᠬᠤᠳᠠᠯ ᠪᠣᠯ ᠨᠢᠭᠡ ᠳᠠᠯ᠎ᠠ ᠶᠢᠨ ᠬᠠ ᠪᠣᠯᠤᠨ ᠨᠥᠭᠦᠭᠡ ᠳᠠᠯ᠎ᠠ ᠶᠢᠨ ᠭᠤᠶ᠎ᠠ ᠵᠡᠷᠭᠡᠪᠠᠷ ᠭᠢᠰᠭᠢᠭᠦ ᠶᠠᠪᠣᠳᠠᠯ ᠪᠣᠯᠤᠨ᠎ᠠ᠂ ᠵᠢᠷᠤᠭ᠎ᠠ ᠰᠤᠷᠭᠠᠬᠤ ᠳᠤ ᠨᠠᠷᠢᠨ ᠳᠦᠯᠦᠪᠯᠡᠭᠡ ᠪᠠ ᠠᠯᠬᠤᠮ ᠳᠠᠷᠠᠭ᠎ᠠ ᠲᠡᠶ᠂ ᠦᠨᠦᠳᠤᠷ ᠡᠭᠢᠯᠡᠮᠡᠭ᠍ᠴᠡ ᠬᠤᠤᠰ ᠥᠷᠦᠭᠡᠯ ᠭᠡᠷᠡᠭᠯᠡᠵᠤ ᠪᠠᠢ᠌ᠬᠤ ᠶᠢᠨ ᠣᠴᠢᠷ ᠨᠢ ᠵᠢᠷᠤᠭ᠎ᠠ ᠠᠯᠬᠤᠳᠠᠯ ᠰᠤᠷᠭᠠᠵᠤ ᠪᠣᠢ᠃ ᠭᠦᠡᠳᠤ ᠳᠠᠬ᠎ᠠ ᠣᠷᠤᠭᠤᠯᠵᠤ ᠪᠠᠢ᠌ᠬᠤ ᠶᠢᠨ ᠵᠤᠷᠢᠯᠭ᠎ᠠ ᠨᠢ ᠭᠦᠯ ᠤᠨ ᠳᠠᠮᠢᠷ ᠢ ᠰᠠᠢ᠌ᠵᠢᠷᠠᠭᠤᠯᠵᠤ᠂ ᠠᠷᠤᠭᠰᠢ ᠳᠠᠪᠠᠭᠯᠠᠬᠤ ᠭᠦᠴᠤ ᠶᠢ ᠨᠡᠮᠡᠭ᠍ᠳᠡᠭᠦᠯᠵᠤ ᠪᠠᠢ᠌ᠨ᠎ᠠ ᠭᠡᠵᠡᠢ᠃ ᠡᠨᠡ ᠡᠳᠦᠷ ᠰᠤᠩᠨᠢ ᠭᠤᠸᠠᠢ ᠨᠢᠭᠡ ᠯᠠ ᠭᠦᠭ᠌ ᠶᠢᠡᠷ ᠭᠡᠦᠭᠡᠤᠨ ᠳᠤᠭᠯᠠᠵᠤ ᠪᠠᠢ᠌ᠬᠤ ᠰᠢᠭ ᠭᠡᠷ ᠤᠨ ᠣᠷᠴᠢᠮ ᠨᠠᠰᠢ ᠴᠠᠰᠢ ᠭᠦᠳᠦᠯᠤᠨ ᠶᠠᠪᠣᠵᠤ ᠯᠠ ᠪᠠᠢ᠌ᠯ᠎ᠠ᠃ ᠦᠳᠡᠰᠢ ᠪᠣᠯᠤᠭᠠᠤᠨ ᠪᠠᠯᠴᠢᠭᠡᠷᠯᠡᠭᠦᠯᠭᠦ ᠦᠶᠡᠰ ᠭᠦᠯ ᠢ ᠨᠢ ᠠᠪᠴᠢᠬᠤ ᠡᠴᠠ ᠭᠢᠴᠢᠶᠠᠵᠤ᠂ ᠨᠢᠭᠡ ᠳᠠᠯ᠎ᠠ ᠶᠢᠨ ᠭᠢᠨᠢ ᠥᠷᠦᠭᠡᠯ ᠢ ᠮᠤᠯᠳᠤᠯᠤᠨ ᠠᠪᠣᠪᠠ᠃ ᠳᠠᠷᠠ ᠨᠢᠭᠡ ᠡᠳᠦᠷ ᠶᠠᠪᠣᠭᠠᠤᠨ᠂ ᠦᠯᠦᠰᠴᠤ ᠶᠠᠳᠠᠷᠠᠬᠤ ᠶᠢᠨ ᠳᠣᠢ᠌ᠯ ᠳᠤ ᠳᠤᠯᠵᠤ᠂ ᠭᠡᠷ ᠲᠡᠭᠡᠨ ᠬᠠᠷᠢᠬᠤ ᠦᠶᠡᠰ ᠬᠤᠶᠠᠷ ᠭᠦᠯ ᠨᠢ ᠲᠦᠮᠡᠨ ᠵᠢᠩ ᠤᠨ ᠭᠦᠡᠳᠤ ᠶᠤᠮ ᠰᠢᠭ ᠰᠠᠨᠠᠭᠳᠠᠯ᠎ᠠ᠃ ᠡᠨᠡ ᠮᠠᠳᠤ ᠶᠢᠨ ᠪᠣᠯᠪᠠᠰᠤᠷᠠᠯ ᠢ ᠨᠢᠭᠡ ᠰᠠᠷ᠎ᠠ ᠭᠢᠯᠭᠡᠭᠦ ᠳᠤ ᠮᠤᠷᠢᠨ ᠤ ᠠᠯᠬᠤᠳᠠᠯ ᠨᠠᠯᠢᠶᠠᠤᠨ ᠵᠠᠰᠠᠷᠠᠭᠰᠠᠨ ᠮᠥᠷᠳᠡᠭᠡᠨ ᠨᠠᠩ ᠢᠯᠠᠩᠭ᠋ᠤᠶ᠎ᠠ ᠰᠦᠨᠢ ᠨᠢ ᠳᠠᠩ ᠥᠷᠦᠭᠡᠯ ᠶᠢᠡᠷ ᠳᠠᠯᠪᠢᠪᠠᠯ ᠮᠠᠷᠭᠠᠰᠢ ᠥᠷᠯᠦᠭᠡ ᠨᠢ ᠥᠷᠦᠭᠡᠯ ᠳᠡᠭᠡᠨ ᠵᠤᠭᠢᠴᠠᠭᠰᠠᠨ ᠭᠦᠶ‍ᠦᠳᠡᠯ ᠶᠢᠡᠷ ᠳᠤᠳᠠᠭᠠᠭᠠᠤᠨ᠂ ᠪᠠᠷᠢᠭᠳᠠᠬᠤ ᠳᠤ ᠪᠠᠷᠭᠡ ᠪᠣᠯᠪᠠ᠃ ᠰᠤᠩᠨᠢ ᠮᠤᠷᠢ ᠪᠠᠨ ᠪᠠᠷᠢᠵᠤ ᠳᠠᠢ᠌ᠯ ᠠᠯᠳᠠᠨ᠂ ᠳᠠᠷ ᠶᠢᠡᠨ ᠪᠠᠷᠠᠭᠰᠠᠨ ᠪᠣᠯᠪᠠᠴᠤ ᠭᠦᠯᠦᠰᠤ ᠳᠠᠭᠠᠭᠠᠭᠰᠠᠨ ᠮᠠᠩᠨᠠᠢ ᠳᠡᠭᠡᠷ᠎ᠡ ᠨᠢ ᠠᠮᠵᠢᠯᠳᠠ ᠢᠯᠠᠯᠳᠠ ᠶᠢᠨ ᠣᠮᠤᠭᠰᠢᠯ ᠳᠤᠳᠤᠷᠠᠵᠤ ᠪᠠᠢ᠌ᠯ᠎ᠠ᠃

ᠳᠠᠷᠠᠭ᠎ᠠ ᠰᠠᠷ᠎ᠠ ᠡᠴᠠ ᠨᠢ ᠡᠭᠢᠯᠡᠵᠤ᠂《ᠡᠮᠨᠡᠭᠦ ᠪᠠ ᠳᠤᠮᠨᠤᠬᠤ》ᠠᠷᠭ᠎ᠠ ᠶᠢ ᠬᠠᠮᠳᠤ ᠳ᠋ᠤᠨᠢ ᠭᠡᠷᠡᠭᠯᠡᠪᠡ᠃ ᠡᠳᠦᠷ ᠳᠤᠨᠢ ᠠᠳᠤᠭᠤᠨ ᠳᠤ ᠶᠠᠪᠣᠬᠤ ᠪᠣᠶᠤ ᠠᠷ ᠰᠠᠷ ᠠᠵᠢᠯ ᠤᠨ ᠳᠤᠮᠳᠠ ᠪᠠᠨ ᠣᠨᠤᠵᠤ ᠵᠢᠷᠤᠭᠠᠯᠠᠭᠤᠯᠬᠤ ᠪᠣᠯᠪᠠᠰᠤᠷᠠᠯ ᠭᠢᠯ᠎ᠠ᠃ ᠮᠤᠠᠳᠠᠭ᠎ᠠ ᠶᠢ ᠨᠢ ᠳᠠᠷᠤᠬᠤ᠂ ᠠᠮᠠᠭᠠᠢ ᠶᠢ ᠨᠢ ᠴᠢᠩᠭ᠋ᠠᠭᠠᠵᠤ ᠰᠤᠯᠠᠤᠠᠬᠠᠬᠤ᠂ ᠳᠦᠷᠦᠭᠡ ᠶᠢ ᠨᠢ ᠬᠠᠪᠴᠢᠬᠤ᠂ ᠳᠠᠬ᠎ᠠ ᠶᠢ ᠨᠢ ᠰᠤᠯᠢᠬᠤ᠂ ᠰᠠᠭᠠᠯᠠᠭ ᠡᠴᠠ ᠨᠢ ᠰᠢᠷᠤᠢ ᠪᠣᠭᠤᠬᠤ ᠮᠠᠳᠤ ᠶᠢᠨ ᠥᠷᠭᠦᠯᠵᠢ ᠭᠡᠷᠡᠭᠯᠡᠳᠡᠭ᠌ ᠠᠷᠭ᠎ᠠ ᠨᠤᠭᠤᠳ ᠢ 《ᠪᠡᠢ᠌ᠳᠡᠯ 》ᠳ᠋ᠤᠨᠢ ᠳᠤᠭᠢᠷᠠᠭᠤᠯᠤᠨ ᠭᠡᠷᠡᠭᠯᠡᠪᠡ᠃ ᠰᠡᠭᠦᠯᠡᠷ ᠨᠢ ᠰᠦᠨᠢ ᠪᠠᠯᠴᠢᠭᠡᠷᠯᠡᠭᠦᠯᠭᠦ ᠳᠤ ᠴᠤ ᠬᠤᠤᠰ ᠥᠷᠦᠭᠡᠯ ᠭᠡᠷᠡᠭᠯᠡᠭᠦ ᠪᠣᠯᠪᠠ᠃ ᠰᠤᠩᠨᠢ ᠶᠠᠷᠤᠨᠢ ᠨᠢᠭᠡ ᠵᠢᠯ ᠤᠨ ᠳᠤᠷᠰᠢ᠂ ᠮᠠᠤ ᠽᠧ ᠳ᠋ᠦᠩ ᠤᠨ ᠣᠳᠠᠭᠠᠨ ᠳᠭᠠᠭᠠᠮᠠᠭᠠᠢ ᠳᠠᠢ᠌ᠨ ᠤ ᠪᠣᠳᠤᠯᠭ᠎ᠠ ᠶᠢ ᠪᠠᠷᠢᠮᠳᠠᠯᠠᠭᠰᠠᠨ ᠡᠴᠠ ᠦᠨᠳᠦᠷ ᠭᠡᠭᠡᠷ ᠨᠢ ᠠᠶᠠᠠᠳᠠᠭᠠᠨ ᠵᠢᠷᠤᠭᠠᠯᠠᠵᠤ ᠡᠭᠢᠯᠡᠭ᠍ᠰᠡᠨ ᠪᠦᠭᠡᠤᠨ ᠵᠢᠷᠤᠭᠠᠯᠠᠬᠤ ᠬᠤᠷᠳᠤᠴᠠ ᠨᠢ ᠳᠦᠷᠭᠡᠨ᠂ ᠭᠦᠯ ᠡᠷᠭᠦᠭᠦ ᠨᠢ ᠦᠨᠳᠦᠷ ᠵᠡᠷᠭᠡ ᠣᠠᠴᠠᠯᠢᠭ ᠶᠢᠡᠷ ᠶᠢᠡᠨ ᠣᠯᠠᠨ ᠤ ᠠᠩᠬᠠᠷᠤᠯ ᠢ ᠳᠠᠳᠠᠭᠰᠠᠨ ᠭᠠᠢ᠌ᠬᠠᠮᠰᠢᠭ ᠲᠡᠶ ᠵᠢᠷᠤᠭ᠎ᠠ ᠪᠣᠯᠵᠠᠢ᠃


ᠭᠤᠷᠪᠠ


ᠬᠠᠯᠠᠭᠤᠨ ᠵᠤᠨ ᠤ ᠭᠤᠤᠯ ᠳᠤ ᠬᠠᠷ᠎ᠠ ᠰᠠᠯᠭᠢ ᠰᠠᠯᠭᠢᠯᠠᠵᠤ᠂ ᠰᠢᠷ᠎ᠠ ᠳᠤᠭᠤᠰᠤ ᠳᠡᠭ᠍ᠳᠡᠨ᠂ ᠴᠠᠭ ᠵᠢᠯ ᠬᠠᠳᠠᠭᠤ ᠂ ᠠᠮᠤ ᠪᠣᠳᠠᠭ᠎ᠠ ᠴᠤᠬᠠᠭ ᠪᠣᠯᠪᠠ ᠃  ᠦᠤᠰᠢᠠ ᠵᠤᠤ ᠳᠤ ᠥᠭᠯᠢᠭᠡ ᠶᠢᠨ ᠡᠵᠡᠨ ᠣᠯᠳᠠᠬᠤ ᠦᠭᠡᠶ᠃ ᠮᠢᠩᠭ᠋ᠠᠨ ᠯᠠᠮᠠ ᠶᠢᠨ ᠢᠳᠠᠵᠤ ᠣᠤᠭᠤᠬᠤ ᠠᠰᠠᠭᠤᠳᠠᠯ ᠬᠠᠷᠠᠵᠤ ᠪᠠᠢ᠌ᠳᠠᠯ᠎ᠠ ᠭᠦᠴᠢᠷ ᠳᠤᠯᠭᠠᠷᠠᠬᠤ ᠳᠤ ᠬᠤᠰᠢᠭᠤ ᠳᠠᠮᠴᠢ ᠶᠢᠨ ᠢᠷᠠᠭᠤ ᠠᠯᠳᠠᠷᠳᠤ ᠡᠭᠦᠷᠭᠡ ᠰᠤᠩᠨᠢ ᠳᠡᠭᠡᠷ᠎ᠡ ᠳᠤᠰᠪᠠ᠃ ᠪᠣᠳᠤᠪᠠᠴᠤ ᠪᠣᠳᠠ ᠶᠢᠨ ᠰᠢᠭᠢᠷ᠎ᠠ ᠳᠦᠷᠪᠡ ᠭᠡᠭ᠍ᠴᠢ ᠪᠠᠷ ᠳᠠᠷᠠ ᠨᠢᠭᠡᠨ ᠡᠳᠦᠷ ᠤᠨ ᠥᠷᠯᠦᠭᠡ ᠡᠷᠳᠡ ᠦᠨᠳᠦᠷ ᠭᠡᠭᠡᠷ ᠶᠢᠡᠨ ᠣᠨᠤᠨ ᠂ ᠬᠤᠶᠠᠷ ᠭᠡᠯᠭᠢᠶ᠎ᠡ ᠳᠡᠮᠡᠭᠡ ᠳᠠᠭᠠᠭᠤᠯᠵᠤ ᠂ ᠪᠠᠶᠠᠠᠪᠣᠯᠠᠭ ᠲᠤ ᠪᠠᠢ᠌ᠭ᠎ᠠ ᠢᠷᠭᠡᠨ ᠤ ᠪᠦᠯᠭᠦᠮ ᠤᠨ ᠳᠦᠷᠦᠭᠦᠤ ᠯᠢᠤ ᠣᠪᠣᠭᠳᠤ ᠠᠠᠳᠠ ᠠᠬ᠎ᠠ ᠳᠡᠭᠦᠤ ᠪᠠᠨ ᠡᠷᠢᠵᠤ ᠣᠴᠢᠪᠠ᠃ ᠯᠢᠤ ᠣᠪᠣᠭᠳᠤ ᠪᠣᠯ ᠪᠠᠶᠠᠨ ᠨᠤᠶᠠᠨ ᠭᠦᠮᠤᠨ ᠪᠦᠭᠡᠤᠨ ᠵᠢᠷᠤᠭ᠎ᠠ ᠮᠤᠷᠢᠨ ᠳᠤ ᠬᠤᠷᠤᠬᠠᠢ ᠲᠡᠶ᠂ ᠬᠤᠯᠠ ᠣᠢ᠌ᠷ᠎ᠠ ᠳᠠᠭᠠᠨ ᠠᠯᠳᠠᠷᠰᠢᠭᠰᠠᠨ ᠬᠤᠷᠳᠤᠨ ᠵᠢᠷᠤᠭ᠎ᠠ ᠮᠤᠷᠢ ᠲᠡᠶ ᠶᠤᠮ ᠃ ᠦᠨᠡᠨ ᠳᠡᠭᠡᠨ ᠰᠤᠩᠨᠢ ᠨᠠᠰᠢ ᠭᠦᠳᠡᠯᠭᠦ ᠦᠶᠡᠰ ᠯᠢᠤ ᠣᠪᠣᠭᠳᠤ ᠶᠢᠨ ᠬᠤᠷᠳᠤᠨ ᠵᠢᠷᠤᠭ᠎ᠠ ᠳᠤ ᠰᠠᠨᠠᠭ᠎ᠠ ᠲᠡᠶ ᠢᠷᠠᠵᠠᠢ ᠃ ᠭᠢᠳᠠᠤᠨ ᠮᠤᠩᠭ᠋ᠤᠯ ᠬᠤᠶᠠᠷ ᠠᠠᠳᠠ ᠠᠬ᠎ᠠ ᠳᠡᠭᠦᠤ ᠠᠭᠤᠯᠵᠠᠮᠠᠭᠴᠠ ᠵᠤᠴᠢᠠᠰᠠᠭ ᠭᠡᠭ᠍ᠴᠢ ᠭᠦᠮᠤᠨ ᠭᠠᠢ᠌ᠬᠠᠮᠠᠷ ︕ ᠡᠯᠢᠭᠡ ᠪᠠᠨ ᠨᠠᠭᠠᠯᠳᠤᠭᠤᠯᠤᠨ ᠳᠠᠪᠠᠷᠢᠵᠤ ᠂ ᠬᠠᠴᠠᠷ ᠶᠢᠡᠨ ᠳᠠᠭᠠᠷᠠᠭᠤᠯᠤᠨ ᠠᠮᠠᠷᠠᠭᠯᠠᠪᠠ ᠃ ᠬᠤᠶᠠᠭᠤᠯᠠ ᠶᠠᠷᠢᠶ᠎ᠠ ᠭᠦᠭᠡᠷᠦᠭᠡ ᠪᠣᠯᠵᠤ ᠰᠠᠭᠤᠵᠤ ᠪᠠᠢ᠌ᠳᠠᠯ᠎ᠠ ᠪᠦᠰᠡᠭᠦᠢ ᠨᠢ ᠵᠢᠩᠨᠡᠭ᠍ᠰᠡᠨ ᠭᠤᠤ ᠪᠣᠯᠤᠨ ᠭᠠᠬᠠᠢ ᠶᠢᠨ ᠮᠢᠬ᠎ᠠ ᠲᠡᠶ ᠵᠠᠭᠤᠰᠢ ᠪᠠᠨ ᠠᠪᠣᠭᠠᠤᠨ ᠢᠷᠠᠯ᠎ᠠ᠃ ᠰᠤᠩᠨᠢ ᠳᠠᠭᠠᠭᠤᠯᠵᠤ ᠶᠠᠪᠣᠭ᠎ᠠ ᠬᠤᠶᠠᠷ ᠳᠡᠮᠡᠭᠡᠴᠢᠨ ᠶᠢᠡᠨ ᠬᠠᠷᠠᠵᠤ ᠢᠨᠢᠶᠡᠮᠰᠦᠭᠯᠡᠭ᠍ᠰᠡᠨ ᠶᠢᠡᠨ ᠨᠠᠮ ᠳᠠᠭᠤ ᠪᠠᠷ᠄

᠊᠊᠊᠊᠊᠊᠊᠊ ᠡᠨᠡ ᠭᠠᠵᠠᠷ ᠤᠨ ᠭᠤᠷᠪᠠᠨ ᠡᠷᠡᠨ ᠤ ᠬᠤᠭᠤᠯᠠ ᠨᠢ ᠴᠦᠮ ᠠᠮᠳᠠ ᠰᠢᠮᠳᠠ ᠲᠡᠶ ᠪᠣᠳᠠᠭ᠎ᠠ ᠰᠢᠤ ᠂ ᠭᠤᠷᠪᠠᠭᠤᠯᠠ ᠡᠨᠡ ᠭᠡᠳᠤ ᠬᠤᠨᠤᠭ ᠴᠤ ᠡᠳᠡᠨ ᠲᠡᠶ ᠠᠳᠠᠯᠢᠬᠠᠨ ᠰᠠᠢ᠌ᠨ ᠢᠳᠡᠴᠢᠭᠡᠭᠡᠤᠨ ᠂ ᠡᠳᠡᠨ ᠲᠡᠶ ᠠᠳᠠᠯᠢᠬᠠᠨ ᠠᠷᠭᠠᠯ ᠰᠢᠭ ᠳᠤᠮᠤ ᠪᠠᠭᠠᠴᠢᠬᠠᠭᠠᠤᠨ ᠶᠠᠪᠣᠨ᠎ᠠ ᠳ᠋ᠠ ᠭᠡᠵᠤ ᠭᠡᠯᠡᠭᠡᠤᠨ ᠭᠤᠷᠪᠠᠭᠤᠯᠠ ᠰᠠᠮ ᠵᠤᠮᠠᠯᠵᠠᠪᠠ ᠃

ᠬᠤᠭᠤᠯᠠᠨ ᠤ ᠳᠠᠷᠠᠭ᠎ᠠ ᠭᠢᠳᠠᠤᠨ ᠭᠠᠵᠠᠷ ᠤᠨ ᠳᠠᠪᠣᠰᠤ ᠦᠭᠡᠶ ᠢᠳᠡᠭᠡᠰᠢᠭ᠌ ᠴᠠᠢ ᠣᠤᠭᠤᠵᠤ ᠪᠠᠢ᠌ᠬᠤ ᠳᠤᠮᠳᠠ ᠬᠤᠶᠠᠷ ᠠᠠᠳᠠ ᠵᠢᠨ ᠶᠠᠷᠢᠶᠠᠨ ᠤ ᠰᠠᠳᠤᠪ ᠵᠢᠷᠤᠭ᠎ᠠ ᠮᠤᠷᠢ ᠵᠥᠭ᠌ ᠰᠢᠯᠵᠢᠵᠤ ᠂ ᠭᠡᠨ ᠨᠢ ᠭᠡᠨ ᠡᠴᠠ ᠪᠠᠨ ᠢᠯᠡᠭᠦᠤ ᠮᠡᠦᠡᠭᠡᠭ᠍ᠰᠡᠭᠡᠷ ᠪᠠᠢ᠌ᠵᠤ ᠂ ᠵᠢᠷᠤᠭ᠎ᠠ ᠮᠤᠷᠢᠨ ᠤ ᠬᠤᠷᠤᠬᠠᠢ ᠨᠢ ᠭᠦᠳᠡᠯᠤᠨ ᠂ ᠠᠳᠠᠯᠢᠤᠠᠬᠠᠵᠤ ᠥᠵᠡᠭᠦ ᠪᠠᠷ ᠪᠣᠯᠪᠠ ᠃

ᠯᠢᠤ ᠣᠪᠣᠭᠳᠤ ᠭᠡᠵᠤ ᠮᠤᠩᠭ᠋ᠤᠯ ᠭᠠᠵᠠᠷ ᠣᠳᠠᠭᠠᠨ ᠵᠢᠯ ᠶᠠᠪᠣᠭᠰᠠᠨ ᠭᠦᠮᠤᠨ ᠪᠣᠯᠬᠤᠷ ᠵᠢᠷᠤᠭ᠎ᠠ ᠮᠤᠷᠢ ᠣᠨᠤᠬᠤ ᠶᠢᠨ ᠶᠤᠰᠤ ᠭᠤᠷᠢᠮ᠂ ᠵᠠᠩ ᠣᠢ᠌ᠯᠠ ᠢ ᠨᠡᠪᠳᠡᠷᠡᠭᠡᠢ ᠮᠠᠳᠠᠵᠤ ᠪᠠᠢ᠌ᠯ᠎ᠠ᠃ ᠵᠢᠷᠤᠭ᠎ᠠ ᠰᠢᠷᠭ᠎ᠠ ᠳᠤ ᠪᠠᠨ ᠡᠮᠡᠭᠡᠯ ᠰᠢᠷᠳᠡᠭ᠌ ᠳᠤᠬᠤᠨ᠂ ᠳᠡᠭᠡᠷ᠎ᠡ ᠨᠢ ᠨᠤᠤᠰᠤᠨ ᠳᠠᠩᠰᠠ ᠡᠪᠭᠡᠵᠤ ᠳᠠᠯᠪᠢᠭᠠᠤᠨ ᠭᠠᠠᠵᠤᠭ᠎ᠠ ᠪᠠᠷ ᠨᠢ ᠡᠪᠳᠡᠢ᠌ᠭᠡᠨ ᠳᠠᠷᠤᠭᠤᠯᠤᠯ᠎ᠠ᠃ ᠡᠨᠡ ᠵᠡᠷᠭᠡᠪᠠᠷ ᠪᠠᠰᠠ ᠵᠤᠭᠰᠤᠭᠰᠠᠨ ᠦᠭᠡᠶ᠂ ᠱᠠᠭᠱᠠᠭ᠎ᠠ ᠬᠤᠩᠬᠤ ᠪᠠᠨ ᠴᠤ ᠠᠪᠴᠢᠷᠠᠵᠤ ᠵᠡᠭᠦᠪᠡ ᠃ ᠳᠠᠷᠠ ᠬᠤᠶᠠᠭᠤᠯᠠ ᠵᠢᠩᠭᠢᠨᠢ ᠣᠷᠤᠯᠳᠤᠭᠠᠨ ᠳᠤ ᠣᠷᠤᠯᠴᠠᠵᠤ ᠪᠠᠢ᠌ᠬᠤ ᠲᠡᠶ ᠠᠳᠠᠯᠢ ᠪᠠᠷ ᠳᠠᠯᠠᠪᠠᠢ ᠂ ᠡᠭᠢᠯᠡᠯᠳᠡ ᠶᠢᠨ ᠴᠡᠭ᠌ ᠪᠠ ᠡᠴᠦᠰ ᠤᠨ ᠴᠡᠭ᠌ ᠢ ᠳᠤᠳᠤᠷᠬᠠᠢ ᠵᠢᠷᠤᠭᠰᠠᠨ ᠶᠢᠡᠷ ᠪᠠᠷᠠᠬᠤ ᠦᠭᠡᠶ ᠬᠤᠶᠠᠷ ᠴᠡᠭ᠌ ᠲᠤ ᠳᠤᠰ ᠪᠦᠷᠢ ᠨᠢᠭᠡ ᠭᠢᠨᠠᠭᠴᠢ ᠵᠤᠭᠰᠤᠭᠠᠯ᠎ᠠ ᠃ ᠬᠤᠶᠠᠭᠤᠯᠠ ᠮᠤᠷᠢ ᠪᠠᠨ ᠣᠨᠤᠨ ᠡᠭᠢᠯᠡᠯᠳᠡ ᠶᠢᠨ ᠴᠡᠭ᠌ ᠲᠤ ᠦᠪᠡᠷ ᠦᠪᠡᠷ ᠤᠨ ᠪᠠᠢ᠌ᠷᠢ ᠪᠠᠨ ᠡᠵᠡᠯᠡᠨ ᠯᠠᠪᠳᠠᠭᠤᠨ ᠵᠤᠭᠰᠤᠭᠰᠠᠨ ᠤ ᠳᠠᠷᠠᠭ᠎ᠠ ᠭᠢᠨᠠᠭᠴᠢ ᠡᠴᠠ ᠡᠭᠢᠯᠡ ᠭᠡᠵᠤ ᠳᠤᠭᠢᠮᠠᠭᠴᠠ ᠵᠢᠷᠤᠭᠠᠯᠠᠵᠤ ᠡᠭᠢᠯᠡᠯ᠎ᠡ ᠃ ᠯᠢᠤ ᠣᠪᠣᠭᠳᠤ ᠶᠢᠨ ᠪᠣᠷᠳᠤᠭ᠎ᠠ ᠳᠠᠭᠠᠭᠠᠭᠰᠠᠨ ᠵᠢᠷᠤᠭ᠎ᠠ ᠰᠢᠷᠭ᠎ᠠ ᠳᠦᠷᠭᠡᠨ ᠪᠠᠢ᠌ᠪᠠᠴᠤ ᠰᠤᠩᠨᠢ ᠶᠢᠨ ᠦᠨᠳᠦᠷ ᠭᠡᠭᠡᠷ ᠢ ᠭᠦᠢᠴᠡᠭᠦ ᠦᠭᠡᠶ ᠪᠠᠢ᠌ᠪᠠ ᠃ ᠶᠡᠷᠦᠩᠭᠡᠢ ᠳᠤ ᠨᠢ ᠠᠪᠴᠤ ᠭᠡᠯᠡᠪᠠᠯ ᠂ ᠭᠡᠭᠡᠷ ᠮᠤᠷᠢ ᠨᠢ ᠪᠠᠶ᠎ᠠ ᠦᠨᠳᠦᠷ ᠮᠥᠷᠳᠡᠭᠡᠨ ᠠᠯᠳᠠ ᠣᠷᠳᠤ ᠪᠠᠷ ᠶᠢᠡᠨ ᠰᠢᠷᠭ᠎ᠠ ᠮᠤᠷᠢᠨ ᠤ ᠬᠤᠶᠠᠷ ᠠᠯᠬᠤᠮ ᠢ ᠨᠢᠭᠡ ᠠᠯᠬᠤᠮ ᠶᠢᠡᠷ ᠬᠤᠷᠢᠶᠠᠮᠵᠢᠯᠠᠭᠰᠠᠨ ᠡᠴᠠ ᠠᠷᠪᠠ ᠣᠳᠠᠭ᠎ᠠ ᠶᠢᠨ ᠠᠳᠠᠯᠢᠤᠠᠬᠠᠯ ᠳᠤ ᠴᠦᠮ ᠳᠡᠷᠢᠭᠦᠯᠡᠪᠡ ᠃ ᠡᠨᠡ ᠦᠶ᠎ᠡ ᠳᠤ ᠰᠤᠩᠨᠢ ᠳᠤᠳᠤᠷ᠎ᠠ ᠪᠠᠨ ᠰᠠᠮ ᠪᠠᠶᠠᠷᠯᠠᠵᠤ ᠂ ᠣᠳᠤ ᠴᠤ ᠴᠢᠮᠠᠶ᠋ᠢ  ᠥᠳᠦᠭᠡᠵᠤ ᠂ ᠵᠢᠭᠠᠬᠠᠨ ᠱᠦᠮᠤᠰᠤ ᠶᠢ ᠴᠢᠨᠢ ᠰᠢᠬᠠᠨ᠎ᠠ ᠳ᠋ᠠ ᠭᠡᠵᠤ ᠪᠣᠳᠤᠮᠠᠭᠴᠠ ᠳᠠᠪᠤᠨ ᠬᠤᠷᠤᠭᠤ ᠪᠠᠨ ᠮᠠᠩᠨᠠᠢ ᠳᠠᠭᠠᠨ ᠳᠤᠯᠭᠠᠨ ᠵᠠᠯᠪᠢᠷᠠᠵᠤ ᠄

— ᠠᠢ ︕ ᠭᠦᠭᠡᠷᠦᠭᠦᠢ ᠠᠠᠳᠠ ᠠᠬ᠎ᠠ ᠮᠢᠨᠢ ᠡ ᠂ ᠳᠠ ᠪᠠᠶᠠᠨ ᠨᠤᠶᠠᠨ ᠭᠦᠮᠤᠨ ᠪᠠᠢ᠌ᠭᠠᠤᠨ ᠶᠠᠳᠠᠭᠤ ᠨᠠᠳᠠ ᠴᠤ ᠭᠦᠷᠭᠦ ᠦᠭᠡᠶ ᠃ ᠠᠷᠪᠢᠯᠠᠵᠤ ᠨᠠᠷᠢᠯᠠᠭᠠᠤᠨ ᠨᠢᠭᠡ ᠰᠠᠢ᠌ᠨ ᠵᠢᠷᠤᠭ᠎ᠠ ᠮᠤᠷᠢ ᠴᠤ ᠣᠨᠤᠵᠤ ᠳᠡᠢ᠌ᠯᠭᠦ ᠦᠭᠡᠶ ᠪᠣᠯᠵᠠᠢ ᠭᠡᠪᠡ ᠃ ᠯᠢᠤ ᠣᠪᠣᠭᠳᠤ ᠭᠡᠵᠤ ᠠᠳᠠᠭ᠎ᠠ ᠵᠥᠳᠡᠭᠡ ᠶᠡᠭᠡ ᠂ ᠳᠡᠢ᠌ᠯᠡᠮᠡᠳᠡᠭᠡᠢ ᠵᠠᠩ ᠲᠡᠶ ᠭᠦᠮᠤᠨ ᠪᠣᠯᠬᠤᠷ ᠶᠡᠭᠡᠳᠡ ᠠᠷᠭ᠎ᠠ ᠠᠭᠠᠰᠢ ᠨᠢ ᠠᠯᠳᠠᠷᠠᠨ ᠂ ᠳᠤᠬᠤ ᠳᠤᠯᠤᠭᠠᠢ ᠪᠠᠨ ᠮᠭᠠᠵᠢᠵᠤ ᠄

—ᠠᠠᠳᠠ ᠳᠡᠭᠦᠤ ᠶᠢᠨ ᠮᠤᠷᠢ ᠶᠤᠰᠤᠳᠠᠢ ᠬᠤᠷᠳᠤᠨ ᠵᠢᠷᠤᠭ᠎ᠠ ᠪᠠᠢ᠌ᠨ᠎ᠠ ᠂ ᠠ ︕ ᠮᠢᠨᠤ ᠡᠨᠡ ᠮᠠᠭᠤ ᠰᠢᠷᠭ᠎ᠠ ᠪᠣᠷᠤ ᠪᠣᠷᠴᠠᠭ ᠢᠳᠡᠭᠦ ᠨᠢ ᠭᠡᠳᠦᠷᠡᠭᠡᠤᠨ ᠵᠢᠷᠤᠭᠠᠯᠠᠬᠤ ᠨᠢ ᠴᠤ ᠣᠳᠠᠭᠠᠨ ᠪᠣᠯᠴᠢᠬᠠᠵᠠᠢ ᠭᠡᠵᠤ ᠭᠡᠯᠡᠭᠦ ᠶᠢᠨ ᠬᠠᠮᠳᠤ ᠠᠭᠤᠷ ᠣᠴᠠᠭᠠᠷ ᠨᠢ ᠭᠦᠳᠡᠯᠤᠨ ᠂ ᠮᠤᠷᠢ ᠪᠠᠨ ᠳᠠᠰᠢᠭᠤᠷᠳᠠᠬᠤ ᠳᠤ ᠪᠠᠯᠡᠭᠡᠨ ᠪᠠᠢ᠌ᠯ᠎ᠠ᠃

ᠣᠳᠠᠯ ᠦᠭᠡᠶ ᠂ ᠨᠠᠷᠠ ᠭᠦᠳᠦᠯ ᠤᠨ ᠴᠠᠭᠠᠨ᠎ᠠ ᠣᠷᠤᠨ ᠦᠳᠡᠰᠢ ᠪᠣᠯᠵᠤ ᠂ ᠭᠡᠳᠦᠭᠦᠯᠡ ᠭᠢᠳᠠᠤᠨ ᠠᠢ᠌ᠯ ᠤᠨ ᠭᠦᠯᠥᠢ᠌ᠭ᠍ᠰᠡᠨ ᠬᠠᠷ᠎ᠠ ᠬᠠᠠᠵᠤᠨ ᠳᠡᠭᠡᠷ᠎ᠡ ᠣᠠᠳᠠᠭᠰᠠᠨ ᠣᠴᠢᠷ ᠢ ᠡ᠊ᠡᠳᠡ ᠥᠭᠦᠯᠡᠭᠦ ᠦᠭᠡᠶ᠃

ᠮᠠᠷᠭᠠᠰᠢ ᠥᠷᠯᠦᠭᠡ ᠶᠢᠨ ᠭᠢᠨᠢ ᠬᠤᠭᠤᠯᠠᠨ ᠤ ᠳᠠᠷᠠᠭ᠎ᠠ ᠯᠢᠤ ᠣᠪᠣᠭᠳᠤ ᠶᠢᠨ ᠪᠣᠰᠤᠳ ᠢ ᠠᠮᠠᠷᠬᠠᠨ ᠪᠢᠰᠢᠷᠡᠳᠡᠭ᠌ ᠡᠷ᠎ᠡ ᠪᠢᠰᠢ ᠭᠡᠰᠡᠨ ᠢ ᠮᠡᠳᠡᠳᠡᠭ᠌ ᠰᠤᠩᠨᠢ ᠭᠤᠸᠠᠢ ᠵᠤᠷᠢᠭᠤᠳᠠ ᠥᠳᠦᠭᠡᠵᠤ ᠪᠠᠢ᠌ᠭᠠᠤᠨ ᠳᠠᠭᠢᠨ ᠮᠥᠷᠥᠢᠴᠡᠭᠦ ᠪᠠᠷ ᠪᠣᠯᠪᠠ᠃ ᠡᠨᠡ ᠣᠳᠠᠭ᠎ᠠ ᠶᠢᠨ ᠮᠥᠷᠥᠢᠴᠡᠭᠡᠨ ᠳᠤ ᠴᠤ ᠯᠢᠤ ᠣᠪᠣᠭᠳᠤ ᠢᠯᠠᠭᠳᠠᠵᠤ ᠂ ᠰᠤᠩᠨᠢ ᠢᠯᠠᠭᠰᠠᠨ ᠪᠣᠯᠬᠤᠷ ᠡ᠊ᠡᠳᠡ ᠳᠠᠮᠠᠢ ᠨᠠᠷᠢᠨ ᠳᠤᠳᠤᠷᠬᠠᠢ ᠳᠤᠷᠠᠳᠤᠭᠰᠠᠨ ᠦᠭᠡᠶ᠃ ᠵᠠᠯᠭᠠᠭᠠᠤᠨ ᠥᠭᠦᠯᠡᠭᠦ ᠨᠢᠭᠡᠨ ᠣᠴᠢᠷ ᠭᠡᠪᠠᠯ ᠂ ᠰᠤᠩᠨᠢ ᠡᠨᠡ ᠦᠶ᠎ᠡ ᠳᠤ᠂ ᠳᠡᠮᠡᠭᠡ ᠬᠠᠷᠢᠭᠤᠯᠤᠭᠰᠠᠨ ᠭᠦᠮᠤᠨ ᠪᠣᠤᠷ᠎ᠠ ᠶᠢᠨ ᠶᠢᠡᠨ ᠵᠠᠩ ᠢ ᠮᠠᠳᠠᠨ᠎ᠡ ᠭᠡᠭ᠍ᠴᠢ ᠪᠠᠷ ᠯᠢᠤ ᠣᠪᠣᠭᠳᠤ ᠶᠢᠨ ᠳᠤᠳᠤᠷ᠎ᠠ ᠪᠠᠨ ᠶᠠᠭᠤ ᠪᠣᠳᠤᠵᠤ ᠪᠠᠢ᠌ᠭ᠎ᠠ ᠶᠢ ᠶᠠᠭᠤᠨ ᠠᠠᠳᠤᠬᠤ ︕ ᠵᠤᠷᠢᠭᠤᠳᠠ ᠡᠰᠡ ᠮᠡᠳᠡᠭᠦ ᠴᠢᠷᠠᠢ᠌ᠯᠠᠨ ᠄

— ᠵᠠ ᠂ ᠠᠠᠳᠠ ᠠᠬ᠎ᠠ ᠡ ᠂ ᠳᠠ ᠰᠠᠢ᠌ᠨ ᠰᠠᠭᠠᠳᠠᠭᠠᠷᠠᠢ ︕ ᠪᠢᠳᠠ ᠣᠳᠤ ᠡᠷᠳᠡᠭᠡᠨ ᠭᠦᠳᠡᠯᠦᠶ᠎ᠡ ᠭᠡᠵᠡᠢ᠃

ᠳᠤᠷ᠎ᠠ ᠶᠢ ᠨᠢ ᠪᠣᠯᠢᠶᠠᠨ᠎ᠠ ᠭᠡᠭ᠍ᠴᠢ ᠠᠷᠭ᠎ᠠ ᠦᠭᠡᠶ ᠠᠵᠢ ︕ ᠯᠢᠤ ᠣᠪᠣᠭᠳᠤ ᠡᠨᠡ ᠥᠭᠡ ᠶᠢ ᠰᠤᠨᠤᠰᠤᠮᠠᠭᠴᠠ ᠮᠤᠩᠭ᠋ᠤᠯ ᠭᠠᠵᠠᠷ ᠣᠳᠠᠭᠠᠨ ᠣᠨ ᠶᠠᠪᠣᠵᠤ ᠂ ᠭᠡᠴᠢᠨᠡᠨ ᠣᠳᠠᠭ᠎ᠠ ᠶᠢᠨ ᠮᠠᠢ᠌ᠮᠠᠢ ᠶᠢ ᠠᠭᠠᠵᠢᠭᠤᠬᠠᠨ ᠠᠷᠭᠠᠳᠠᠭᠰᠠᠭᠠᠷ ᠪᠠᠢ᠌ᠵᠤ ᠂ ᠡᠴᠦᠰ ᠳᠤᠨᠢ ᠬᠤᠠᠵᠢᠳᠠᠭ ᠴᠢᠨ᠋ᠸ᠎ᠠ ᠶᠢᠨ ᠯᠠᠷᠵᠢᠶ᠎ᠠ ᠪᠠᠨ ᠮᠠᠷᠳᠠᠨ ᠄

— ᠪᠢ ᠪᠠᠶᠠᠨ ᠨᠤᠶᠠᠨ ᠭᠦᠮᠤᠨ ᠪᠣᠯᠪᠠᠴᠤ ᠵᠢᠷᠤᠭ᠎ᠠ ᠮᠤᠷᠢ ᠪᠣᠢ᠌ᠵᠢᠭᠤᠯᠬᠤ ᠪᠠᠷ ᠴᠢᠮ᠎ᠠ ᠳᠤ ᠭᠦᠷᠭᠦ ᠦᠭᠡᠶ᠃ ᠡᠨᠡ ᠮᠤᠷᠢ ᠪᠠᠨ ᠨᠠᠳᠠ ᠳᠤ ᠥᠯᠡᠳᠡᠭᠡᠴᠢᠭᠡ ᠭᠡᠵᠤ ᠭᠤᠶᠤᠵᠠᠢ᠃ ᠰᠤᠩᠨᠢ ᠭᠠᠢ᠌ᠬᠠᠵᠤ ᠰᠤᠴᠢᠭᠰᠠᠨ ᠪᠠᠢ᠌ᠳᠠᠯ ᠭᠠᠷᠭᠠᠨ ᠭᠡᠰᠡᠭ᠌ ᠳᠤᠭᠤᠢ ᠰᠠᠭᠤᠭᠰᠠᠨ ᠶᠢᠡᠨ᠄

— ᠵᠠ ᠂ ᠠᠠᠳᠠ ᠠᠬ᠎ᠠ ᠮᠢᠨᠢ ᠡ ︕ ᠳᠡᠭᠦᠤ ᠳᠤ ᠴᠢᠨᠢ ᠦᠤᠰᠢᠠ ᠵᠤᠤ ᠶᠢᠨ ᠮᠢᠩᠭ᠋ᠠᠨ ᠯᠠᠮᠠ ᠶᠢ ᠳᠡᠵᠢᠭᠡᠭᠦ ᠬᠠᠳᠠᠭᠤ ᠡᠭᠦᠷᠭᠡ ᠢᠷᠡᠭ᠍ᠰᠡᠨ ᠰᠢᠤ ᠂ ᠳᠡᠭ᠍ᠷᠢ ᠭᠠᠩ ᠂ ᠭᠠᠵᠠᠷ ᠴᠠᠩ ᠪᠣᠯᠤᠭᠰᠠᠨ ᠡᠨᠡ ᠵᠢᠯ ᠠᠷᠭ᠎ᠠ ᠪᠣᠰᠤ ᠵᠢᠷᠤᠭ᠎ᠠ ᠭᠡᠭᠡᠷ ᠶᠢᠡᠷ ᠶᠢᠡᠨ ᠪᠣᠳᠠᠭ᠎ᠠ ᠰᠤᠯᠢᠬᠤ ᠪᠠᠷ ᠶᠠᠪᠣᠵᠤ ᠪᠠᠢ᠌ᠭ᠎ᠠ ᠮᠢᠨᠢ ᠡᠨᠡ ᠪᠢᠯᠠ ᠭᠡᠪᠡ᠃ ᠯᠢᠤ ᠣᠪᠣᠭᠳᠤ ᠡᠨᠡ ᠥᠭᠡ ᠶᠢ ᠰᠤᠨᠤᠰᠤᠮᠠᠭᠴᠠ ᠪᠠᠶᠠᠷᠯᠠᠭᠰᠠᠨ ᠭᠡᠷᠢᠶ᠎ᠡ ᠪᠠᠷᠭᠢᠷᠠᠭ᠎ᠠ ᠭᠡᠭ᠍ᠴᠢ ᠪᠠᠷ ᠳᠠᠷᠠ ᠳᠤᠤᠷ᠎ᠠ ᠨᠢ ᠄

— ᠦᠨ᠎ᠡ ᠬᠠᠩᠰᠢ ᠶᠢ ᠨᠢ ᠴᠢ ᠭᠡᠯᠡ ᠭᠡᠵᠡᠢ ᠃ ᠰᠤᠩᠨᠢ ᠂ ᠳᠠᠷᠠ ᠬᠤᠯᠠ ᠶᠢᠨ ᠴᠡᠩᠭᠡᠷ ᠳᠡᠭ᠍ᠷᠢ ᠳᠤ ᠨᠡᠭᠦᠭᠦ ᠴᠠᠭᠠᠨ ᠡᠭᠦᠯᠡᠰ ᠢ ᠰᠠᠷᠠᠪᠴᠢᠯᠠᠨ ᠬᠠᠷᠠᠰᠭᠬᠢᠭᠰᠠᠨ ᠶᠢᠡᠨ᠄

— ᠣᠷᠴᠢᠮᠬᠠᠨ ᠬᠠᠩᠭᠢᠨ ᠬᠤᠰᠢᠭᠤᠨ ᠤ ᠬᠤᠷᠤᠭᠠᠠ ᠴᠠᠢ᠌ᠳᠠᠮ ᠤᠨ ᠨᠢᠭᠡ ᠭᠦᠮᠤᠨ ᠮᠠᠨᠠᠢ᠌ᠭᠢ ᠪᠠᠷ ᠥᠩᠭᠡᠷᠡᠭᠦ ᠳᠡᠭᠡᠨ ᠮᠢᠨᠤ ᠡᠨᠡ ᠮᠤᠷᠢ ᠶᠢ ᠶᠡᠭᠡ ᠪᠠᠭ᠎ᠠ ᠳᠤᠯᠤᠭᠠᠨ ᠮᠤᠷᠢ ᠪᠠᠷ ᠰᠤᠯᠢᠶ᠎ᠠ ᠭᠡᠰᠡᠨ ᠶᠤᠮ ᠂ ᠵᠠᠮ ᠵᠠᠭᠤᠷ᠎ᠠ ᠪᠠᠨ ᠳᠡᠭᠦᠨ ᠢ ᠥᠵᠡᠭᠦ ᠶᠤᠮ ᠦᠦ︖ ᠭᠡᠵᠤ ᠶᠠᠪᠣᠵᠤ ᠪᠠᠢ᠌ᠨ᠎ᠠ ᠭᠡᠪᠡ᠃ ᠯᠢᠤ ᠣᠪᠣᠭᠳᠤ ᠭᠡᠵᠤ ᠬᠠᠠᠴᠤᠢ ᠳᠤᠳᠤᠷᠠᠭᠢ ᠮᠠᠢ᠌ᠮᠠᠢ ᠶᠢ ᠨᠠᠰᠤ ᠪᠠᠷ ᠭᠢᠭ᠍ᠰᠡᠨ ᠬᠠᠰᠢᠷ ᠭᠠᠷ ᠪᠣᠯᠬᠤᠷ ᠡᠨᠡ ᠣᠳᠠᠭ᠎ᠠ ᠶᠢᠨ ᠰᠤᠩᠨᠢ ᠶᠢᠨ ᠭᠡᠯᠡᠭ᠍ᠰᠡᠨ ᠥᠭᠡ ᠶᠢ ᠢᠳᠡᠭᠡᠭ᠍ᠰᠡᠨ ᠡᠰᠡᠭᠦ ᠨᠢ ᠮᠡᠳᠡᠭ᠍ᠳᠡᠭ᠍ᠰᠡᠨ ᠦᠭᠡᠶ᠃ ᠭᠡᠪᠠᠴᠤ ᠭᠡᠭᠡᠷ ᠮᠤᠷᠢᠨ ᠤ ᠭᠠᠨᠠᠰ ᠭᠡᠰᠡᠨ ᠪᠠᠶ᠎ᠠ ᠶᠢ ᠬᠤᠪᠢ ᠶᠢᠨ ᠭᠠᠳᠠᠨ᠎ᠠ ᠳᠤᠭᠤᠭᠰᠠᠨ ᠨᠢ ᠦᠨᠡᠠᠳᠠᠢ᠃ ᠬᠤᠶᠠᠭᠤᠯᠠ ᠳᠠᠮᠠᠭᠢᠯᠠᠨ ᠂ ᠭᠡᠰᠡᠭ᠌ ᠪᠣᠳᠤᠯᠭ᠎ᠠ ᠪᠣᠯᠵᠤ ᠰᠠᠭᠤᠪᠠ᠃ ᠰᠤᠩᠨᠢ ᠳᠠᠮᠠᠢ ᠳᠡᠰᠦᠭ᠍ᠰᠡᠨ ᠦᠭᠡᠶ᠂ ᠵᠠᠯᠭᠠᠭᠠᠤᠨ ᠭᠠᠯ ᠳᠡᠭᠡᠷ᠎ᠡ ᠳᠤᠰᠤ ᠨᠡᠮᠡᠭᠦ ᠠᠷᠭ᠎ᠠ ᠠᠪᠴᠤ ᠄

—ᠲᠠ᠂ ᠮᠢᠨᠤ ᠡᠨᠡ ᠭᠡᠭᠡᠷ ᠮᠤᠷᠢᠨ ᠤ ᠭᠠᠩᠰᠠ ᠮᠠᠳᠤ ᠳᠦᠷᠪᠡᠨ ᠳᠤᠭᠤᠷᠠᠢ ᠶᠢ ᠬᠠᠷᠠᠭᠰᠠᠨ ᠦᠦ︖ ᠯᠠᠪᠳᠠᠢ ᠮᠤᠷᠢᠨ ᠤ ᠣᠭᠢ ᠭᠦᠯᠦᠭ᠌ ᠪᠣᠯᠬᠤ ᠶᠤᠮ ᠭᠡᠰᠡᠨ ᠶᠢᠡᠨ ᠵᠠᠯᠭᠠᠭᠠᠤᠨ ᠄

— ᠵᠠ ᠂ ᠭᠡᠨ ᠬᠤᠶᠠᠭᠤᠯᠠ ᠶᠢ ᠠᠠᠳᠠ ᠠᠬ᠎ᠠ ᠳᠡᠭᠦᠤ ᠪᠣᠯ ᠭᠡᠰᠡᠨ ᠪᠣᠢ ︖ ᠳᠠ ᠨᠠᠳᠠ ᠳᠤ ᠵᠢᠷᠤᠭ᠎ᠠ ᠰᠢᠷᠭ᠎ᠠ ᠶᠢᠨ ᠶᠢᠡᠨ ᠳᠡᠭᠡᠷ᠎ᠡ ᠭᠤᠷᠪᠠᠨ ᠵᠠᠭᠤᠨ ᠴᠠᠭᠠᠨ ᠵᠤᠭᠤᠰ ᠪᠠ ᠭᠤᠷᠪᠠᠨ ᠮᠤᠷᠢ ᠨᠠᠮᠠᠪᠠᠯ ᠰᠤᠯᠢᠶ᠎ᠠ ᠭᠡᠵᠤ ᠭᠡᠯᠡᠪᠡ᠃ ᠯᠢᠤ ᠣᠪᠣᠭᠳᠤ ᠴᠤ ᠪᠣᠯᠤᠨ᠎ᠠ ᠭᠡᠵᠤ ᠰᠢᠭᠤᠳ ᠵᠥᠪᠰᠢᠶᠡᠷᠡᠭ᠍ᠰᠡᠨ ᠦᠭᠡᠶ᠃ ᠡᠢ᠌ᠰᠢ ᠳᠠᠢ᠌ᠰᠢ ᠬᠠᠷᠠᠵᠤ᠂ ᠭᠢᠳᠠᠤᠨ ᠮᠤᠩᠭ᠋ᠤᠯ ᠥᠭᠡ ᠬᠤᠯᠢᠷᠠᠭᠤᠯᠤᠨ ᠠᠮᠠ ᠳᠤᠳᠤᠷ᠎ᠠ ᠪᠠᠨ ᠳᠦᠳᠤᠨᠠᠵᠤ ᠯᠠ ᠪᠠᠢ᠌ᠯ᠎ᠠ᠃ ᠨᠢᠭᠡᠡᠳᠡ ᠰᠤᠳᠠᠰᠤ ᠶᠢ ᠨᠢ ᠪᠠᠷᠢᠨ᠂ ᠡᠪᠠᠦᠡᠴᠢᠨ ᠢ ᠨᠢ ᠣᠨᠤᠰᠢᠯᠠᠴᠢᠬᠠᠭᠰᠠᠨ ᠶᠤᠮ ᠴᠢᠨᠢ ᠬᠠᠮᠤᠭ ᠡᠴᠦᠰ ᠤᠨ ᠦᠨ᠎ᠡ ᠪᠠᠭᠤᠷᠠᠭᠤᠯᠬᠤ ᠠᠷᠭ᠎ᠠ ᠪᠠᠨ ᠭᠡᠷᠡᠭᠯᠡᠵᠤ ᠄

— ᠪᠢ ᠰᠢᠷᠭ᠎ᠠ ᠮᠤᠷᠢᠨ ᠤ ᠪᠠᠨ ᠳᠡᠭᠡᠷ᠎ᠡ ᠬᠤᠶᠠᠷ ᠵᠠᠭᠤ ᠳᠠᠪᠢᠨ ᠴᠠᠭᠠᠨ ᠵᠤᠭᠤᠰ ᠪᠠ ᠨᠢᠭᠡ ᠣᠨᠠᠭ᠎ᠠ ᠲᠡᠶ ᠭᠡᠭᠦᠤ ᠨᠢᠭᠡ ᠦᠷᠢᠶ᠎ᠠ ᠲᠡᠶ ᠬᠠᠮᠳᠤ ᠨᠠᠮᠠᠶ᠎ᠠ᠂ ᠰᠤᠯᠢᠬᠤ ᠰᠠᠨᠠᠭ᠎ᠠ ᠲᠡᠶ ᠪᠣᠯ ᠰᠤᠯᠢᠶ᠎ᠠ ᠂ ᠰᠤᠯᠢᠬᠤ ᠦᠭᠡᠶ ᠪᠣᠯ ᠬᠤᠶᠠᠭᠤᠯᠠ ᠶᠢᠨ ᠶᠠᠷᠢᠯᠴᠠᠭᠰᠠᠨ ᠡᠨᠡ ᠮᠠᠢ᠌ᠮᠠᠢ ᠶᠢ ᠡ᠊ᠡᠳᠡ ᠨᠢ ᠮᠠᠷᠳᠠᠵᠤ ᠣᠷᠭᠢ᠃ ᠮᠠᠷᠭᠠᠰᠢ ᠠᠭᠤᠯᠵᠠᠪᠠᠯ ᠬᠤᠶᠠᠭᠤᠯᠠ ᠪᠠᠰᠠ ᠯᠠ ᠰᠠᠢ᠌ᠨ ᠠᠠᠳᠠ ᠠᠬ᠎ᠠ ᠳᠡᠭᠦᠤ ᠭᠡᠪ ᠶᠢᠡᠷ ᠶᠢᠡᠨ ᠭᠡᠪᠡ᠃ ᠯᠢᠤ ᠣᠪᠣᠭᠳᠤ ᠶᠢᠨ ᠡᠷ᠎ᠡ ᠭᠦᠮᠤᠨ ᠤ ᠠᠭᠤᠵᠢᠭᠤ ᠪᠠᠭᠳᠠᠭᠠᠮᠵᠢ ᠲᠡᠶ ᠡᠨᠡ ᠥᠭᠡ ᠪᠠᠷ ᠳᠠᠷᠠ ᠬᠤᠶᠠᠭᠤᠯᠠ ᠶᠢᠨ ᠠᠷᠠᠯᠵᠢᠶ᠎ᠠ ᠦᠨᠳᠦᠷᠯᠠᠪᠠ᠃


ᠳᠦᠷᠪᠡ


ᠨᠠᠷᠠ ᠪᠠᠭ᠎ᠠ ᠦᠳᠡ ᠣᠢ᠌ᠷᠠᠤᠠᠬᠤ ᠳᠤ ᠰᠤᠩᠨᠢ ᠭᠤᠸᠠᠢ ᠵᠢᠷᠤᠭ᠎ᠠ ᠰᠢᠷᠭ᠎ᠠ ᠪᠠᠨ ᠣᠨᠤᠨ ᠂ ᠬᠤᠶᠠᠷ ᠭᠡᠯᠭᠢᠶ᠎ᠡ ᠳᠡᠮᠡᠭᠡ ᠪᠠᠨ ᠳᠠᠭᠠᠭᠤᠯᠵᠤ ᠬᠠᠡᠭᠬ᠎ᠠ ᠣᠷᠤᠭᠤ ᠴᠢᠭᠯᠡᠯ᠎ᠡ᠃ ᠰᠢᠭᠯᠠᠷᠠᠵᠤ ᠰᠠᠭᠤᠭᠰᠠᠨ ᠠᠢ᠌ᠯ ᠤᠳ ᠤᠨ ᠳᠠᠷᠢᠶᠠᠨ ᠭᠠᠵᠠᠷ ᠤᠨ ᠭᠦᠪᠠᠭᠡ ᠳᠠᠭᠠᠭᠰᠠᠨ ᠨᠠᠷᠢᠬᠠᠨ ᠵᠥᠷᠢᠭ᠌ ᠶᠢᠡᠷ ᠳᠦᠷᠪᠡ ᠳᠠᠪᠤᠨ ᠭᠠᠵᠠᠷ ᠶᠠᠪᠣᠭᠠᠤᠨ ᠰᠠᠶ‍ᠢ ᠥᠡᠳᠦᠷᠭᠡᠨ ᠭᠦᠳᠦᠯ ᠤᠨ ᠳᠠᠯᠳᠠ ᠣᠷᠤᠪᠠ ᠃ ᠰᠤᠩᠨᠢ ᠂ ᠵᠢᠷᠤᠭ᠎ᠠ ᠰᠢᠷᠭ᠎ᠠ ᠶᠢᠨ ᠳᠠᠬ᠎ᠠ ᠭᠦᠩᠭᠡᠳᠡᠭ᠍ᠰᠡᠨ ᠢ ᠥᠴᠦᠭᠡᠳᠦᠷ ᠤᠨ ᠣᠷᠤᠯᠳᠤᠭᠠᠨ ᠳᠤᠮᠳᠠ ᠨᠢᠭᠡᠡᠳᠡ ᠦᠵᠡᠵᠤ ᠭᠠᠷᠤᠭᠰᠠᠨ ᠳᠤᠯᠠ ᠱᠠᠯᠠᠪᠬᠠᠨ ᠮᠤᠷᠢᠨ ᠡᠴᠠ ᠪᠠᠭᠤᠵᠤ᠂ ᠳ᠋ᠠᠯᠢᠩ ᠡᠴᠠ ᠪᠠᠨ ᠰᠢᠨ᠎ᠡ ᠳᠠᠬ᠎ᠠ ᠭᠠᠷᠭᠠᠨ ᠳᠤᠭᠢᠷᠠᠮᠵᠢ ᠲᠡᠶ ᠨᠢᠭᠡ ᠶᠢ ᠨᠢ ᠰᠤᠩᠭ᠋ᠤᠨ ᠳᠠᠬᠠᠯᠠᠪᠠ᠃ ᠴᠤᠬᠤᠮ ᠶᠠᠭᠠᠭᠢᠭᠰᠠᠨ ᠢ ᠪᠣᠤ ᠮᠠᠳᠠ ︕ ᠳᠠᠬ᠎ᠠ ᠶᠢ ᠨᠢ ᠰᠤᠯᠢᠭᠰᠠᠨ ᠡᠴᠠ ᠪᠣᠯᠤᠭᠰᠠᠨ ᠶᠤᠮ ᠦᠦ︖ ᠣᠨᠤᠬᠤ ᠠᠷᠭ᠎ᠠ ᠳᠠᠮ ᠨᠢ ᠳᠠᠭᠠᠷᠠᠭᠰᠠᠨ ᠶᠤᠮ ᠦᠦ︖ ᠶᠠᠭᠤ ᠴᠤ ᠭᠡᠰᠡᠨ ᠭᠡᠳᠤᠨ ᠮᠠᠩᠬᠠᠨ ᠤ ᠠᠷᠤ ᠪᠠᠷ ᠵᠢᠷᠤᠭᠠᠯᠠᠭᠤᠯᠤᠭᠰᠠᠨ ᠴᠢᠨᠢ ᠵᠢᠷᠤᠭ᠎ᠠ ᠰᠢᠷᠭ᠎ᠠ ᠶᠢᠨ ᠣᠰᠤᠨ ᠵᠢᠷᠤᠭ᠎ᠠ ᠨᠢ ᠣᠤᠯ ᠭᠡᠪ ᠳᠡᠭᠡᠨ ᠰᠡᠷᠭᠦᠵᠤ ᠢᠷᠠᠪᠠ᠃ ᠬᠠᠡᠭᠬ᠎ᠠ ᠳᠤ ᠣᠴᠢᠭᠠᠤᠨ ᠶᠠᠭᠤᠨ ᠤ ᠣᠷᠢᠤᠨ ᠴᠤᠭᠯᠠᠷᠠᠭᠰᠠᠨ ᠣᠯᠠᠨ ᠳᠤ ᠮᠤᠩᠭ᠋ᠤᠯ ᠮᠤᠷᠢᠨ ᠤ ᠵᠢᠷᠤᠭᠠᠯᠠᠬᠤ ᠰᠢᠳᠢ ᠶᠢ ᠭᠠᠢ᠌ᠬᠠᠭᠤᠯᠪᠠ᠃ ᠡᠨᠡ ᠣᠳᠠᠭ᠎ᠠ ᠳᠠᠷᠠ ᠥᠵᠡᠭ᠍ᠴᠢᠤᠨ ᠲᠤ ᠵᠢᠷᠤᠭᠠᠯᠠᠬᠤ ᠳᠤᠮᠳᠠ ᠭᠡᠢ ᠳᠡᠭᠡᠷ᠎ᠡ ᠠᠷᠪᠠᠨ ᠭᠤᠷᠪᠠᠨ ᠣᠪᠣᠭ᠎ᠠ ᠵᠡᠷᠭᠡᠪᠠᠷ ᠪᠣᠰᠬᠠᠬᠤ ᠶᠢ ᠰᠤᠨᠢᠷᠬᠠᠭᠤᠯᠵᠤ ᠂ ᠶᠤᠰᠤᠳᠠᠢ ᠡᠷᠳᠡᠨᠢ ᠶᠢᠨ ᠭᠦᠯᠦᠭ᠌ ᠭᠡᠮᠡᠨ ᠱᠠᠭᠰᠢᠭᠤᠯᠪᠠ ᠃ ᠵᠠ ︕ ᠰᠤᠩᠨᠢ ᠶᠠᠭᠤᠨ ᠳᠤ ᠮᠤᠷᠢ ᠮᠤᠬᠤᠭᠠᠨ ᠂ ᠳᠡᠮᠡᠭᠡ ᠳᠡᠭ᠍ᠳᠡᠭᠡᠵᠤ ᠡ᠊ᠡᠳᠡ ᠢᠷᠡᠭ᠍ᠰᠡᠨ ᠪᠢᠯᠠ ︖ ᠭᠡᠨ ᠮᠡᠳᠡᠭᠦ ᠦᠭᠡᠶ ᠴᠤ ᠳᠠᠷᠠ ᠦᠪᠡᠷ ᠶᠢᠡᠨ ᠮᠠᠳᠠᠨ᠎ᠡ᠃ ᠢᠮᠠᠭᠠᠨ ᠮᠢᠬ᠎ᠠ ᠶᠢ ᠬᠠᠯᠠᠭᠤᠨ ᠳᠡᠭᠡᠷ᠎ᠡ ᠨᠢ ᠰᠠᠢ᠌ᠨ ᠭᠡᠭ᠍ᠴᠢ ᠪᠠᠷ ᠡᠨᠡ ᠭᠠᠢ᠌ᠬᠠᠵᠤ ᠪᠢᠰᠢᠷᠡᠭᠦ ᠶᠢᠨ ᠳᠠᠯᠢᠮ ᠶᠢᠡᠷ ᠵᠢᠷᠤᠭ᠎ᠠ ᠰᠢᠷᠭ᠎ᠠ ᠪᠠᠨ ᠬᠤᠶᠠᠷ ᠭᠡᠯᠭᠢᠶ᠎ᠡ ᠳᠡᠮᠡᠭᠡᠨ ᠳᠤ ᠠᠴᠢᠬᠤ ᠠᠮᠤ ᠪᠠ ᠨᠢᠭᠡ ᠵᠠᠭᠤᠨ ᠴᠠᠭᠠᠨ ᠵᠤᠭᠤᠰ ᠶᠢᠡᠷ ᠰᠤᠯᠢᠪᠠ ᠁

ᠳᠠᠷᠠ ᠡᠨᠡ ᠮᠠᠳᠤ ᠦᠪᠡᠷ ᠤᠨ ᠣᠠᠴᠤᠭᠤᠢ ᠴᠢᠳᠠᠪᠣᠷᠢ ᠳᠠᠭᠠᠨ ᠳᠦᠰᠢᠭᠯᠡᠨ ᠭᠤᠷᠪᠠᠨ ᠵᠢᠯ ᠤᠨ ᠬᠤᠰᠢᠭᠤ ᠳᠠᠮᠴᠢ ᠶᠢᠨ ᠡᠭᠦᠷᠭᠡ ᠪᠠᠨ ᠠᠮᠵᠢᠯᠳᠠ ᠳᠦᠭᠦᠷᠡᠩ ᠪᠠᠶᠡᠯᠡᠭᠦᠯᠵᠡᠢ᠃

ᠰᠤᠩᠨᠢ ᠮᠤᠷᠢ ᠦᠭᠡᠶ ᠪᠠᠷ ᠶᠠᠭᠠᠭᠢᠵᠤ ᠡᠳᠦᠷ ᠢ ᠥᠩᠭᠡᠷᠡᠭᠦᠯᠤᠨ᠎ᠡ ᠳ᠋ᠠ ︕ ᠳᠠᠡᠭᠴᠢ ᠣᠢ᠌ᠤᠠᠬᠠᠷ ᠲᠡᠶ ᠰᠠᠨᠠᠭᠳᠠᠭᠠᠤᠨ ᠪᠠᠢ᠌ᠬᠤ ᠪᠣᠯᠬᠤᠷ ᠪᠣᠰᠤᠳ ᠡᠴᠠ ᠨᠢᠭᠡ ᠰᠠᠢ᠌ᠪᠣᠷ ᠵᠡᠭᠡᠷᠳᠡ ᠦᠷᠢᠶ᠎ᠠ ᠠᠪᠴᠤ ᠠᠷᠠᠴᠢᠯᠠᠵᠤ ᠰᠠᠭᠤᠵᠠᠢ᠃ ᠳᠠᠷᠠᠭ᠎ᠠ ᠵᠢᠯ ᠤᠨ ᠭᠢᠨᠢ ᠵᠤᠨ ᠤ ᠡᠭᠢᠨ ᠰᠠᠷ᠎ᠠ ᠶᠢᠨ ᠦᠶᠡᠰ ᠶᠢᠡᠷ ᠪᠠᠶᠠᠠᠪᠣᠯᠠᠭ ᠤᠨ ᠯᠢᠤ ᠣᠪᠣᠭᠳᠤ ᠡᠴᠠ ᠳᠡᠭᠦᠨ ᠢ ᠢᠷ᠎ᠠ ᠭᠡᠰᠡᠨ ᠵᠠᠭᠢᠶ᠎ᠠ ᠢᠷᠠᠪᠠ᠃

ᠳᠠᠷᠠ ᠮᠠᠷᠭᠠᠰᠢ ᠥᠷᠯᠦᠭᠡ ᠨᠢ ᠦᠷ ᠤᠨ ᠳ᠋ᠦᠩ ᠶᠢᠡᠷ ᠪᠣᠰᠴᠤ᠂ ᠴᠠᠢ ᠪᠠᠨ ᠣᠤᠭᠤᠨ ᠵᠠᠮ ᠶᠢᠡᠨ ᠭᠦᠭᠡᠭᠡᠪᠡ᠃ ᠵᠤᠷᠢᠭᠰᠠᠨ ᠬᠤᠯᠠ ᠶᠢᠨ ᠵᠠᠮ ᠢ ᠰᠠᠢ᠌ᠪᠣᠷ ᠵᠡᠭᠡᠷᠳᠡ ᠪᠠᠷ ᠶᠢᠡᠨ ᠡᠪᠭᠡᠵᠤ ᠂ ᠰᠠᠨᠠᠭᠰᠠᠨ ᠰᠠᠢ᠌ᠬᠠᠨ ᠣᠢ᠌ᠯᠠᠰ ᠢ ᠰᠠᠤᠠᠭᠢᠯ ᠳᠤᠳᠤᠷ᠎ᠠ ᠪᠠᠨ ᠳᠤᠩᠭ᠋ᠠᠭᠠᠨ ᠂ ᠬᠠᠶᠠ《ᠪᠠᠶᠠᠨ ᠬᠠᠩᠭ᠋ᠠᠢ》 ᠪᠠᠨ ᠭᠢᠩᠰᠢᠵᠤ᠂ ᠬᠠᠶᠠ《ᠣᠷᠠᠨ ᠳᠠᠩᠨᠠᠢ》 ᠪᠠᠨ ᠢᠰᠭᠡᠷᠦᠭ᠍ᠰᠡᠭᠡᠷ ᠦᠳᠡ ᠬᠠᠵᠠᠢ᠌ᠬᠤ ᠳᠤ ᠯᠢᠤ ᠣᠪᠣᠭᠳᠤ ᠶᠢᠨ ᠳᠤ ᠭᠦᠷᠦᠯ᠎ᠡ᠃ ᠬᠤᠶᠠᠷ ᠠᠠᠳᠠ ᠠᠭᠤᠯᠵᠠᠮᠠᠭᠴᠠ ᠣᠤᠯ ᠶᠤᠰᠤᠭᠠᠷ ᠡᠯᠢᠭᠡ ᠪᠠᠨ ᠨᠠᠭᠠᠯᠳᠤᠭᠤᠯᠤᠨ ᠳᠠᠪᠠᠷᠢᠯᠴᠠᠵᠤ ᠂ ᠬᠠᠴᠠᠷ ᠶᠢᠡᠨ ᠳᠠᠭᠠᠷᠠᠭᠤᠯᠤᠨ ᠵᠤᠯᠭᠠᠯᠴᠠᠪᠠ᠃ ᠰᠤᠩᠨᠢ ᠡᠨᠡ ᠭᠦᠳᠡᠯᠦᠯ ᠳ᠋ᠤᠨᠢ ᠪᠠᠬᠠᠨ ᠡᠪ ᠥᠭᠡᠢ᠌ᠷᠡᠳᠡᠭ᠌ ᠪᠣᠯᠪᠠᠴᠤ ᠭᠢᠳᠠᠤᠨ ᠦᠨᠳᠦᠰᠦᠳᠠᠨ ᠤ ᠵᠢᠷᠤᠮ ᠤᠨ ᠠᠬ᠎ᠠ ᠳᠡᠭᠦᠤ ᠶᠢᠨ ᠣᠯᠠᠮᠵᠢᠯᠠᠯᠳᠤ ᠶᠤᠰᠤ ᠪᠣᠯᠬᠤᠷ ᠠᠷᠭ᠎ᠠ ᠦᠭᠡᠶ ᠳᠠᠭᠠᠳᠠᠭ᠃ ᠡᠨᠡ ᠵᠢᠯ ᠤᠨ ᠳᠦᠯ ᠮᠠᠯ ᠂ ᠳᠠᠷᠢᠶ᠎ᠠ ᠳᠦᠮᠤᠰᠤ ᠭᠡᠵᠤ ᠬᠤᠶᠠᠭᠤᠯᠠ ᠨᠠᠯᠢᠶᠠᠤᠨ ᠭᠦᠷᠨᠢᠯᠳᠦᠭ᠍ᠰᠡᠨ ᠶᠢᠡᠨ᠂ ᠵᠢᠷᠤᠭ᠎ᠠ ᠮᠤᠷᠢᠨ ᠤ ᠳᠤᠬᠠᠢ ᠶᠠᠷᠢᠯᠴᠠᠵᠤ ᠡᠭᠢᠯᠡᠭᠦ ᠳᠤ᠂ ᠯᠢᠤ ᠣᠪᠣᠭᠳᠤ ᠭᠠᠷ ᠳᠤᠯᠤᠭᠠᠢ ᠭᠡᠭ᠍ᠴᠢ ᠶᠢ ᠵᠡᠷᠭᠡ ᠪᠠᠷ ᠰᠠᠵᠢᠵᠤ ᠄

— ᠴᠢᠨᠤ ᠦᠭ‍ᠭᠦᠭ᠍ᠰᠡᠨ ᠦᠨᠳᠦᠷ ᠭᠡᠭᠡᠷ ᠶᠠᠭᠠᠭᠢᠭᠰᠠᠨ ᠢ ᠪᠣᠤ ᠮᠠᠳᠠ ︕ ᠣᠳᠤ ᠵᠢᠷᠤᠭᠠᠯᠠᠬᠤ ᠪᠠᠨ ᠴᠤ ᠪᠠᠢ᠌ᠴᠢᠬᠠᠭᠰᠠᠨ ᠰᠢᠤ᠂ ᠠᠠᠳᠠ ᠳᠡᠭᠦᠤ ᠮᠢᠨᠢ ᠂ ᠡᠨᠡ ᠣᠳᠠᠭ᠎ᠠ ᠴᠢ ᠶᠠᠭᠠᠭᠢᠭᠰᠠᠨ ᠴᠤ ᠠᠪᠣᠭᠠᠤᠨ ᠶᠠᠪᠣᠭᠠᠷᠠᠢ ᠂ ᠪᠢ ᠡᠨᠡ ᠮᠤᠷᠢ ᠶᠢ ᠠᠷᠠᠴᠢᠯᠠᠬᠤ ᠦᠭᠡᠶ ᠭᠡᠵᠤ ᠭᠡᠦᠭᠡᠤᠨ ᠰᠢᠭ᠌ ᠵᠠᠩᠨᠠᠪᠠ ᠃ ᠰᠤᠩᠨᠢ ᠴᠤ ᠠᠷᠭ᠎ᠠ ᠠᠭᠠᠰᠢ ᠨᠢ ᠪᠠᠷᠠᠭᠳᠠᠵᠤ ᠂ ᠦᠨᠳᠦᠷ ᠭᠡᠭᠡᠷ ᠢ ᠣᠴᠢᠵᠤ ᠥᠵᠡᠭ᠍ᠰᠡᠨ ᠴᠢᠨᠢ ᠂ ᠳᠠᠨᠢᠬᠤ ᠦᠭᠡᠶ ᠭᠦᠮᠤᠨ ᠢ ᠥᠵᠡᠮᠡᠭ᠍ᠴᠡ ᠬᠠᠮᠠᠷ ᠶᠢᠡᠨ ᠳᠤᠷᠭᠢᠨ ᠂ ᠳᠤᠭᠤᠷᠠᠢ ᠪᠠᠨ ᠴᠠᠪᠴᠢᠯᠠᠵᠤ ᠪᠠᠢ᠌ᠪᠠ᠃ ᠰᠤᠩᠨᠢ ᠯᠢᠤ ᠣᠪᠣᠭᠳᠤ ᠶᠢᠨ ᠮᠦᠷᠤ ᠶᠢ ᠳᠠᠪᠰᠢᠵᠤ ᠄

— ᠳᠠ ᠪᠣᠷᠤ ᠪᠣᠷᠴᠠᠭ ᠶᠢᠡᠷ ᠳᠡᠵᠢᠭᠡᠭᠦ ᠨᠢ ᠭᠡᠳᠦᠷᠡᠴᠢᠭᠡᠵᠡᠢ ᠃ ᠶᠠᠭᠠᠭᠢᠯᠳᠠᠢ ᠪᠢᠯᠠ ︖ ᠪᠢ ᠴᠢᠨᠤ ᠰᠢᠷᠭ᠎ᠠ ᠮᠤᠷᠢ ᠶᠢ ᠮᠦᠨ ᠳᠠᠷᠠ ᠣᠳᠠᠭ᠎ᠠ ᠬᠠᠩᠬ᠎ᠠ ᠳᠤ ᠣᠴᠢᠭᠠᠤᠨ ᠂ ᠠᠮᠤ ᠪᠠᠷ ᠰᠤᠯᠢᠴᠢᠬᠠᠭᠰᠠᠨ ᠰᠢᠤ ᠂ ᠣᠳᠤ ᠨᠠᠳᠠ ᠳᠤ ᠵᠥᠪᠭᠡᠨ ᠡᠨᠡ ᠰᠠᠢ᠌ᠪᠣᠷ ᠵᠡᠭᠡᠷᠳᠡ ᠯᠠ ᠪᠠᠢ᠌ᠨ᠎ᠠ ᠃ ᠡᠭᠦᠨ ᠢ ᠴᠤ ᠠᠪᠣᠨ᠎ᠠ ᠭᠡᠪᠠᠯ ᠠᠷᠭ᠎ᠠ ᠦᠭᠡᠶ᠂ ᠪᠢ ᠳᠡᠭᠡᠷ᠎ᠡ ᠨᠢ ᠴᠢᠨᠤ ᠣᠨᠠᠭ᠎ᠠ ᠲᠡᠶ ᠭᠡᠭᠦᠤ ᠪᠣᠯᠤᠨ ᠦᠷᠢᠶ᠎ᠠ ᠶᠢ ᠪᠣᠴᠠᠭᠠᠵᠤ ᠦᠭ‍ᠭᠦᠶ᠎ᠡ ᠭᠡᠪᠡ ᠃

ᠬᠤᠶᠠᠷ ᠠᠠᠳᠠ ᠶᠢᠨ ᠮᠠᠢ᠌ᠮᠠᠢ ᠪᠣᠴᠠᠭᠰᠠᠨ ᠠᠷᠠᠯᠵᠢᠶ᠎ᠠ ᠮᠦᠨ ᠳᠠᠷᠠ ᠶᠤᠰᠤᠭᠠᠷ ᠪᠣᠯᠪᠠ ᠃ ᠬᠤᠵᠢᠮ ᠨᠢ ᠰᠠᠢ᠌ᠪᠣᠷ ᠵᠡᠭᠡᠷᠳᠡ ᠴᠤ ᠪᠦᠮᠪᠦᠷᠡᠭᠦᠯᠦᠭ᠍ᠰᠡᠨ ᠵᠢᠷᠤᠭ᠎ᠠ ᠮᠤᠷᠢ ᠪᠣᠯᠤᠭᠰᠠᠨ ᠪᠦᠭᠡᠤᠨ ᠯᠢᠤ ᠣᠪᠣᠭᠳᠤ ᠶᠡᠭᠡ ᠣᠳᠠᠭᠠᠨ ᠵᠢᠯ ᠣᠨᠤᠵᠤ ᠪᠢᠯᠠ ᠃

ᠰᠤᠩᠨᠢ ᠦᠨᠳᠦᠷ ᠭᠡᠭᠡᠷ ᠢ ᠪᠣᠴᠠᠭᠠᠵᠤ ᠠᠪᠴᠢᠷᠠᠭᠰᠠᠨ ᠤ ᠳᠠᠷᠠᠭ᠎ᠠ ᠂ ᠡᠳᠦᠷ ᠪᠦᠷᠢ ᠠᠳᠤᠭᠤᠨ ᠳᠤ ᠶᠠᠪᠣᠬᠤ ᠪᠣᠶᠤ ᠡ᠊ᠡᠳᠡ ᠳᠠᠠᠳᠠ ᠣᠴᠢᠬᠤ ᠳᠤ ᠪᠠᠨ ᠢᠯᠡᠭᠦᠭᠡᠨ ᠣᠨᠤᠨ ᠰᠤᠷᠭᠠᠵᠤ ᠳᠤᠳᠤᠮᠳᠠᠪᠠ᠃ ᠳᠠᠮᠠᠢ ᠣᠳᠠᠯ ᠦᠭᠡᠶ ᠪᠠᠷ ᠮᠦᠨ ᠣᠤᠯ ᠵᠢᠷᠤᠭ᠎ᠠ ᠨᠢ ᠰᠡᠷᠭᠦᠵᠤ᠂ ᠬᠤᠷᠠᠬᠤ ᠶᠢᠨ ᠣᠪᠣᠭ᠎ᠠ᠂ ᠮᠠᠯᠴᠢᠤᠨ ᠤᠨ ᠬᠤᠷᠠᠯ ᠵᠡᠷᠭᠡ ᠨᠠᠢ᠌ᠷ ᠨᠠᠭᠠᠳᠤᠮ ᠳᠤ ᠣᠯᠠᠠᠳᠠ ᠳᠡᠷᠢᠭᠦᠨ ᠱᠠᠩ ᠭᠦᠷᠳᠡᠭ᠍ᠰᠡᠨ ᠪᠢᠯᠠ᠃ ᠰᠤᠩᠨᠢ ᠶᠢ ᠥᠨᠡᠭᠡᠷ ᠪᠢᠰᠢᠷᠡᠭᠦ ᠦᠭᠡᠶ ᠪᠠᠢ᠌ᠬᠤ ᠶᠢᠨ ᠠᠷᠭ᠎ᠠ ᠦᠭᠡᠶ᠃ ᠳᠠᠷᠠ ᠭᠡᠵᠤ ᠬᠠᠷ᠎ᠠ ᠪᠠᠭ᠎ᠠ ᠡᠴᠠ ᠪᠠᠨ ᠠᠳᠤᠭᠤ ᠮᠠᠯ ᠲᠡᠶ ᠬᠠᠨᠢᠯᠠᠵᠤ ᠶ‍ᠪᠣᠭᠰᠠᠨ ᠭᠦᠮᠤᠨ ᠶᠤᠮ ᠃ ᠳᠠᠷᠠ ᠂ ᠨᠢᠭᠡᠨ ᠮᠤᠷᠢ ᠶᠢ ᠳᠤᠬᠤ ᠳᠤᠯᠤᠭᠠᠢ ᠂ ᠳᠠᠯ ᠰᠡᠭᠦᠯ ᠂ ᠳᠤᠭᠤᠷᠠᠢ ᠂ ᠰᠠᠭᠠᠯᠢᠭ ᠂ ᠪᠠᠶ᠎ᠠ ᠪᠢᠯᠳᠠᠷ ᠵᠡᠷᠭᠡ ᠣᠯᠠᠨ ᠳᠠᠯ᠎ᠠ ᠪᠠᠷ ᠰᠤᠳᠤᠯᠤᠨ ᠰᠢᠠᠵᠢᠵᠤ ᠂ ᠶᠠᠮᠠᠷ ᠴᠢᠳᠠᠯ ᠲᠡᠶ ᠪᠣᠯᠬᠤ ᠶᠢ ᠨᠢ ᠵᠦᠪ ᠣᠨᠤᠪᠴᠢᠳᠠᠢ ᠮᠠᠭᠠᠤᠠᠯᠠᠵᠤ ᠴᠢᠳᠠᠳᠠᠭ ᠃ ᠬᠤᠶᠠᠷ ᠵᠢᠯ ᠤᠨ ᠭᠢᠨᠢ ᠳᠠᠷᠠᠭ᠎ᠠ ᠰᠤᠩᠨᠢ ᠭᠤᠸᠠᠢ ᠦᠨᠳᠦᠷ ᠭᠡᠭᠡᠷ ᠶᠢᠡᠨ ᠮᠠᠩᠬᠠᠳᠤ ᠶᠢᠨ ᠨᠢᠭᠡᠨ ᠮᠢᠩᠭ᠋ᠠᠨ ᠠᠳᠤᠭᠤ ᠲᠡᠶ ᠪᠠᠶᠠᠨ ᠯᠤᠭ᠎ᠠ ᠳᠠᠪᠤᠨ ᠰᠠᠢ᠌ᠨ ᠠᠭᠳᠠ ᠪᠠᠷ ᠰᠤᠯᠢᠪᠠ ᠃


ᠳᠠᠪᠣ


ᠭᠦᠮᠦᠰ ᠶᠠᠷᠤ ᠨᠢ ᠰᠤᠩᠨᠢ ᠶᠢ ᠣᠷᠢᠳᠤ ᠲᠦᠷᠦᠯ ᠳᠤ ᠮᠤᠷᠢ ᠯᠤᠭ᠎ᠠ ᠬᠤᠪᠢ ᠪᠠᠷᠢᠯᠳᠤᠯᠭ᠎ᠠ ᠲᠡᠶ᠂ ᠮᠤᠷᠢᠨ ᠣᠳᠤ ᠲᠡᠶ ᠭᠡᠵᠤ ᠭᠡᠯᠡᠯᠴᠡᠳᠡᠭ᠌᠃ ᠳᠠᠷᠠ ᠵᠢᠷᠤᠭ᠎ᠠ ᠮᠤᠷᠢ ᠰᠤᠷᠭᠠᠬᠤ ᠪᠠᠷ ᠪᠠᠷᠠᠬᠤ ᠦᠭᠡᠶ ᠭᠦᠶ‍ᠦᠳᠡᠯ ᠮᠤᠷᠢ ᠴᠤ ᠠᠷᠠᠴᠢᠯᠠᠳᠠᠭ᠃

ᠡᠪᠠᠰᠤᠨ ᠤ ᠳᠦᠷᠦᠭᠦᠤ ᠰᠢᠷᠭᠠᠯᠳᠤᠵᠤ᠂ ᠣᠰᠤᠨ ᠤ ᠰᠢᠪᠠᠭᠤ ᠪᠣᠴᠠᠭᠰᠠᠨ ᠨᠠᠮᠤᠷ ᠤᠨ ᠣᠯᠠᠷᠢᠯ ᠤᠨ ᠨᠢᠭᠡᠨ ᠡᠳᠦᠷ᠂ ᠰᠤᠩᠨᠢ ᠭᠤᠸᠠᠢ ᠳᠡᠮᠴᠦᠭ᠌ ᠤᠨ ᠳᠤᠯᠠᠢ ᠰᠢᠷᠭ᠎ᠠ ᠦᠷᠢᠶ᠎ᠠ ᠶᠢ ᠳᠤᠭᠤᠵᠤ ᠠᠪᠣᠪᠠ᠃ ᠳᠤᠯᠠᠢ ᠶᠤᠮ ᠴᠢᠨᠢ ᠭᠦᠯ ᠶᠢᠡᠨ ᠴᠢᠷᠦᠭᠡᠤᠨ ᠬᠠᠮᠢᠭ᠎ᠠ ᠯᠠ ᠭᠦᠷᠤᠨ᠎ᠡ ᠳ᠋ᠠ ᠭᠡᠵᠤ ᠳᠠ ᠨᠡᠷ ᠪᠠᠰᠤᠬᠤ ᠪᠠᠢ᠌ᠬ᠎ᠠ ︕ ᠡᠪᠦᠯ ᠪᠣᠯᠤᠮᠠᠭᠴᠠ ᠳᠠᠷᠠ ᠡᠳᠦᠷ ᠪᠦᠷᠢ ᠳᠡᠵᠢᠭᠡᠵᠤ ᠠᠷᠠᠴᠢᠯᠠᠬᠤ ᠶᠢᠨ ᠬᠠᠮᠳᠤ ᠭᠦᠶ‍ᠦᠯᠭᠡᠵᠤ ᠯᠠ ᠪᠠᠢ᠌ᠳᠠᠭ᠃ ᠵᠠᠷᠢᠮ ᠳᠠᠭᠠᠨ ᠮᠤᠷᠢ ᠪᠠᠨ ᠭᠦᠡᠵᠢᠯᠡ ᠪᠠᠷ ᠬᠤᠴᠢᠴᠢᠬᠠᠭᠰᠠᠨ ᠣᠨᠤᠵᠤ ᠪᠠᠢ᠌ᠳᠠᠭ ᠢ ᠠᠳᠤᠭᠤ ᠲᠡᠶ ᠣᠢ᠌ᠷᠠᠳᠤᠳᠠᠭ ᠦᠭᠡᠶ ᠣᠯᠠᠩᠭᠢ ᠭᠦᠮᠤᠨ ᠶᠡᠷᠦᠳᠡᠭᠡᠨ ᠣᠬᠠᠭᠠᠨ ᠢ ᠨᠢ ᠣᠨᠤᠳᠠᠭ ᠦᠭᠡᠶ᠃

ᠳᠠᠷᠠᠭ᠎ᠠ ᠵᠤᠨ ᠤ ᠭᠢᠨᠢ ᠨᠠᠷᠠ ᠬᠤᠷ᠎ᠠ ᠳᠡᠡᠭᠴᠡᠭ᠍ᠰᠡᠨ ᠨᠠᠢ᠍ᠮᠠᠨ ᠰᠠᠷ᠎ᠠ ᠳᠤ᠂ ᠪᠠᠠᠴᠢᠨ ᠪᠣᠭᠳᠠ ᠬᠠᠩᠭᠢᠨ ᠬᠤᠰᠢᠭᠤᠨ ᠳᠤ ᠪᠠᠭᠤᠬᠤ ᠶᠢ ᠲᠤᠬᠢᠶᠠᠯᠳᠤᠭᠤᠯᠤᠨ ᠪᠦᠭᠦ ᠠᠢ᠌ᠮᠠᠭ ᠤᠨ ᠨᠢᠵᠢᠭᠢᠷ ᠶᠡᠭᠡ ᠨᠠᠭᠠᠳᠤᠮ ᠭᠢᠭᠦ ᠪᠠᠷ ᠪᠣᠯᠪᠠ᠃ ᠠᠶᠠᠨ ᠵᠠᠮ ᠨᠠᠯᠢᠶᠠᠤᠨ ᠬᠤᠯᠠ ᠳᠤᠯᠠ ᠰᠤᠩᠨᠢ ᠭᠤᠸᠠᠢ ᠡᠮᠤᠨ᠎ᠡ ᠡᠳᠦᠷ ᠨᠢ ᠨᠠᠷᠠᠨ ᠡᠷᠳᠡ ᠪᠠᠷ ᠭᠡᠷ ᠡᠴᠠ ᠭᠠᠷᠴᠤ᠂ ᠪᠦᠭᠦᠯᠢ ᠡᠳᠦᠷ ᠵᠠᠮᠨᠠᠭᠠᠠᠤᠨ᠂ ᠬᠠᠩᠭᠢᠨ ᠤ ᠳᠤᠭᠤᠢ ᠴᠢᠷᠭ᠎ᠠ ᠭᠡᠰᠡᠨ ᠭᠠᠵᠠᠷ ᠬᠤᠨᠤᠭ ᠳᠠᠯᠪᠢᠬᠤ ᠪᠠᠷ ᠪᠣᠯᠪᠠ᠃ ᠰᠠᠢ᠌ᠨ ᠶᠠᠪᠣᠳᠠᠯ ᠳᠤ ᠰᠠᠭᠠᠷ ᠠᠷᠪᠢᠨ ᠭᠡᠭ᠍ᠴᠢ ᠪᠠᠷ ᠰᠦᠨᠢ ᠶᠢᠨ ᠬᠠᠭᠠᠰ ᠥᠩᠭᠡᠷᠡᠭᠦ ᠳᠤ ᠣᠷᠤᠯᠳᠤᠭᠠᠨ ᠤ ᠮᠤᠷᠢ ᠣᠨᠤᠭᠤᠯᠬᠤ ᠪᠠᠷ ᠳᠠᠭᠠᠭᠤᠯᠵᠤ ᠶᠠᠪᠣᠭᠰᠠᠨ ᠭᠡᠦᠭᠡᠤᠨ ᠨᠢ ᠪᠦᠭᠦᠯᠢ ᠡᠳᠦᠷ ᠨᠠᠷᠠᠰᠢᠭᠰᠠᠨ ᠡᠴᠠ ᠪᠣᠯᠵᠤ᠂ ᠪᠠᠶ᠎ᠠ ᠨᠢ ᠬᠠᠯᠠᠭᠤᠷᠠᠨ᠂ ᠣᠭᠰᠢᠭᠤᠯᠵᠤ ᠪᠦᠭᠡᠯᠵᠢᠭᠡᠤᠨ ᠭᠦᠡᠳᠤ ᠳᠤᠮᠤᠭᠤ ᠣᠷᠤᠪᠠ᠃ ᠬᠠᠷᠠᠵᠤ ᠪᠠᠢ᠌ᠳᠠᠯ᠎ᠠ ᠰᠤᠩᠨᠢ ᠶᠢᠨ ᠨᠢᠳᠤᠨ ᠡᠮᠤᠨ᠎ᠡ ᠬᠤᠶᠠᠷ ᠴᠢᠬᠤᠯᠠ ᠠᠰᠠᠭᠤᠳᠠᠯ ᠳᠤᠯᠭᠠᠷᠠᠪᠠ᠃ ᠳᠠᠷᠤᠢ ᠨᠢᠭᠡ ᠨᠢ ᠭᠡᠨ ᠡᠨᠡ ᠭᠡᠦᠭᠡᠤᠨ ᠢ ᠠᠰᠠᠷᠠᠵᠤ ᠬᠠᠷᠠᠭᠠᠯᠵᠠᠨ ᠡᠮ ᠳᠤᠮ ᠣᠤᠭᠤᠯᠭᠠᠬᠤ ᠪᠠ ᠨᠥᠭᠦᠭᠡ ᠨᠢ ᠣᠳᠤ ᠣᠷᠤᠯᠳᠤᠭᠠᠨ ᠤ ᠮᠤᠷᠢ ᠶᠢ ᠭᠡᠨ ᠣᠨᠤᠬᠤ ᠭᠡᠳᠡᠭ᠌ ᠶᠠᠪᠣᠳᠠᠯ ᠪᠣᠯᠤᠨ᠎ᠠ᠃ ᠰᠦᠨᠢ ᠶᠢᠨ ᠬᠠᠭᠠᠰ ᠡᠴᠠ ᠬᠣᠢ᠌ᠰᠢ ᠥᠢᠮᠡᠭᠦᠯᠦᠭᠡᠤᠨ᠂ ᠳᠠᠷᠠ ᠠᠢ᠌ᠯ ᠢ ᠴᠤ ᠣᠯᠢᠭᠳᠠᠢ ᠠᠮᠠᠷᠠᠭᠤᠯᠤᠭᠰᠠᠨ ᠦᠭᠡᠶ᠃ ᠳᠠᠮᠠᠢ ᠣᠳᠠᠯ ᠦᠭᠡᠶ ᠨᠢᠭᠡᠳᠦᠭᠡᠷ ᠠᠰᠠᠭᠤᠳᠠᠯ ᠢ ᠳᠤᠩ ᠠᠮᠠᠷᠬᠠᠨ ᠰᠢ᠌ᠤᠠᠪᠣᠷᠢᠯᠠᠪᠡ ᠃ ᠰᠠᠨᠠᠭ᠎ᠠ ᠴᠠᠢ᠌ᠯᠭᠠᠨ ᠭᠡᠷ ᠤᠨ ᠡᠵᠡᠨ ᠪᠣᠯᠤᠨ ᠬᠠᠳᠤᠭᠳᠠᠢ ᠬᠤᠶᠠᠭᠤᠯᠠ ᠭᠡᠦᠭᠡᠤᠨ ᠢ ᠥᠯᠡᠳᠡᠭᠡᠵᠤ ᠠᠰᠠᠷᠠᠵᠤ ᠬᠠᠷᠠᠭᠠᠯᠵᠠᠬᠤ ᠪᠠᠷ ᠪᠣᠯᠪᠠ᠃ ᠭᠡᠳᠡᠯ᠎ᠡ ᠬᠤᠶᠠᠳᠤᠭᠠᠷ ᠠᠰᠠᠭᠤᠳᠠᠯ ᠢ ᠳᠤᠷᠠᠤᠠᠬᠤ ᠳᠤ ᠭᠡᠨ ᠨᠢ ᠴᠤ ᠳᠤᠪ ᠳᠤᠭᠤᠢ᠂ ᠪᠣᠳᠤᠯᠭ᠎ᠠ ᠪᠣᠯᠤᠨ ᠰᠠᠭᠤᠨ᠎ᠠ᠃ ᠠᠢ᠌ᠯ ᠤᠨ ᠪᠦᠰᠡᠭᠦᠢ ᠠᠮᠠ ᠳᠦᠷᠭᠡᠨ ᠶᠢᠡᠷ ᠶᠢᠡᠨ᠄

— ᠰᠤᠩᠨᠢ ᠭᠤᠸᠠᠢ ᠣᠷᠤᠯᠳᠤᠭᠠᠨ ᠤ ᠮᠤᠷᠢ ᠪᠠᠨ ᠦᠪᠡᠷ ᠶᠢᠡᠨ ᠣᠨᠤ ᠭᠡᠪᠡ ᠃ ᠡᠨᠡ ᠬᠠᠷᠢᠭᠤᠯᠳᠠ ᠳᠤ ᠶᠠᠮᠠᠷᠴᠤ ᠳ᠋ᠦᠩᠨᠠᠯᠳᠠ ᠦᠭᠡᠶ᠃ ᠮᠦᠨ ᠳᠤᠭᠤᠢ ᠭᠡᠪ ᠶᠢᠡᠷ ᠶᠢᠡᠨ ᠁ ᠰᠤᠩᠨᠢ ᠳᠤᠳᠤᠷ᠎ᠠ ᠪᠠᠨ᠂ ᠴᠠᠭ ᠨᠢ ᠳᠤᠯᠵᠤ ᠴᠠᠢ ᠨᠢ ᠪᠣᠴᠠᠯᠴᠢᠬᠠᠭᠰᠠᠨ ᠡᠨᠡ ᠮᠦᠴᠠ ᠳᠤ ᠭᠦᠮᠤᠨ ᠤ ᠭᠠᠵᠠᠷ ᠭᠦᠡᠳᠡᠯᠡᠨ ᠤ ᠨᠤᠳᠤᠭ ᠲᠤ ᠶᠠᠭᠠᠭᠢᠵᠤ ᠣᠨᠤᠭᠠᠴᠢ ᠭᠡᠦᠭᠡᠤᠨ ᠣᠯᠤᠨ᠎ᠠ ᠳ᠋ᠠ ᠭᠡᠵᠤ ᠪᠣᠳᠤᠨ ᠂ ᠭᠠᠷ ᠶᠢᠡᠨ ᠨᠤᠬᠤᠯᠠᠨ ᠠᠷᠭ᠎ᠠ ᠠᠭᠠᠰᠢ ᠨᠢ ᠪᠠᠷᠠᠭᠳᠠᠨ᠎ᠠ᠃ ᠨᠠᠯᠢᠶᠠᠤᠨ ᠣᠳᠠᠭᠰᠠᠨ ᠤ ᠳᠠᠷᠠᠭ᠎ᠠ ᠭᠡᠷ ᠤᠨ ᠡᠵᠡᠨ ᠭᠡᠨᠡᠦᠡᠳᠡ ᠢᠨᠢᠶᠡᠮᠰᠦᠭᠯᠡᠩᠭᠦᠢ ᠴᠢᠷᠠᠢ᠌ᠯᠠᠨ ᠄

— ᠣᠨᠤᠭᠠᠴᠢ ᠭᠡᠦᠭᠡᠤᠨ ᠬᠤᠯᠠ ᠭᠡᠪᠠᠯ ᠳᠡᠭ᠍ᠷᠢ ᠶᠢᠨ ᠬᠠᠵᠠᠭᠤ ᠳᠤ᠂ ᠣᠢ᠌ᠷ᠎ᠠ ᠭᠡᠪᠠᠯ ᠨᠢᠳᠤᠨ ᠳᠤᠤᠷ᠎ᠠ ᠪᠣᠢ ᠭᠡᠵᠤ ᠭᠡᠯᠡᠭᠦ ᠶᠢᠨ ᠳᠠᠭᠠᠤ ᠳᠠᠳᠠᠨ ᠤ ᠬᠤᠷᠰᠢᠶ᠎ᠠ ᠭᠢᠳᠠᠤᠨ ᠤᠨ ᠪᠢᠴᠢᠬᠠᠨ ᠵᠢᠭᠠᠯ ᠨᠢ ᠮᠤᠷᠢ ᠰᠠᠢ᠌ᠬᠠᠨ ᠣᠨᠤᠳᠠᠭ ᠢ ᠭᠡᠯᠡᠵᠤ ᠥᠭ᠍ᠪᠡ᠃ ᠰᠤᠩᠨᠢ ᠳᠠᠪ ᠭᠢᠨ ᠪᠣᠰᠴᠤ᠄

— ᠣᠯᠠᠭᠠᠨ ᠴᠡᠷᠢᠭ᠌ ᠴᠠᠰᠤᠳᠤ ᠠᠭᠤᠯᠠ ᠶᠢ ᠳᠠᠪᠠᠬᠤ ᠡᠴᠠ ᠥᠭᠡᠷ᠎ᠡ ᠵᠠᠮ ᠦᠭᠡᠶ ᠪᠣᠯᠤᠭᠰᠠᠨ ᠡᠨᠡ ᠮᠦᠴᠠ ᠳᠤ ᠬᠠᠮᠢᠶ᠎ᠠ ᠦᠭᠡᠶ ᠨᠢᠭᠡ ᠳᠤᠷᠰᠢᠵᠤ ᠦᠵᠡᠶ᠎ᠠ ᠭᠡᠵᠤ ᠭᠡᠯᠡᠭᠡᠤᠨ ᠡᠴᠢᠭᠡ ᠡᠭᠡ ᠶᠢ ᠨᠢ ᠭᠤᠶᠤᠵᠤ ᠂ ᠳᠠᠷᠠ ᠵᠢᠭᠠᠯ ᠶᠢᠡᠷ ᠳᠤᠯᠠᠢ ᠰᠢᠷᠭ᠎ᠠ ᠶᠢ ᠣᠨᠤᠭᠤᠯᠵᠤ ᠦᠵᠡᠪᠠ᠃ ᠦᠵᠡᠰᠠ ︕ ᠣᠨᠤᠬᠤ ᠨᠢ ᠠᠰᠠᠭᠤᠳᠠᠯ ᠦᠭᠡᠶ ᠪᠣᠯᠪᠠᠴᠤ ᠮᠤᠩᠭ᠋ᠤᠯ ᠥᠭᠡ ᠨᠢᠭᠡ ᠴᠤ ᠭᠡᠯᠡᠵᠤ ᠴᠢᠳᠠᠬᠤ ᠦᠭᠡᠶ ᠪᠠᠢ᠌ᠪᠠ᠃ ᠡᠨᠡ ᠨᠢ ᠣᠨᠤᠭᠠᠴᠢ ᠭᠡᠦᠭᠡᠤᠨ ᠡᠷᠭᠡᠪᠰᠢ ᠮᠤᠩᠭ᠋ᠤᠯ ᠪᠠᠢ᠌ᠬᠤ ᠭᠡᠷᠡᠭ᠍ᠳᠡᠢ ᠭᠡᠰᠡᠨ ᠵᠤᠷᠪᠣᠰ ᠲᠡᠶ ᠨᠡᠢ᠌ᠴᠡᠭᠦ ᠦᠭᠡᠶ ᠪᠣᠯᠪᠠ᠃ ᠣᠳᠤ ᠶᠠᠭᠠᠭᠢᠳᠠᠭ ᠪᠢᠯᠠ ︖ ᠰᠤᠩᠨᠢ ᠵᠤᠷᠢᠭ ᠰᠢᠭᠤᠤᠠᠴᠤ ᠶᠠᠪᠠ ᠪᠠᠷ ᠣᠪᠯᠠᠭᠤᠯᠬᠤ ᠪᠠᠷ ᠪᠣᠯᠪᠠ᠃ ᠵᠠᠮ ᠵᠠᠭᠤᠷ᠎ᠠ ᠳᠠᠷᠠ᠂ ᠪᠢᠴᠢᠬᠠᠨ ᠵᠢᠭᠠᠯ ᠳᠤ ᠶᠠᠭᠠᠭᠢᠵᠤ ᠶᠠᠪᠠ ᠪᠠᠷ ᠣᠪᠯᠠᠬᠤ᠂ ᠶᠠᠭᠠᠭᠢᠵᠤ ᠣᠷᠤᠯᠳᠤᠭᠠᠨ ᠤ ᠮᠤᠷᠢ ᠣᠨᠤᠬᠤ ᠳᠤᠬᠠᠢ ᠳᠠᠢ᠌ᠯᠪᠣᠷᠢᠯᠠᠵᠤ ᠯᠠ ᠪᠠᠢ᠌ᠯ᠎ᠠ᠃ ᠰᠤᠩᠨᠢ ᠶᠠᠷᠤᠨᠢ ᠭᠢᠳᠠᠤᠨ ᠥᠭᠡᠨ ᠳᠡᠭᠡᠨ ᠴᠤ ᠠᠨᠠᠢ ᠳᠤᠯᠠ ᠠᠷᠭ᠎ᠠ ᠮᠤᠬᠤᠷᠳᠠᠭᠰᠠᠨ ᠡᠨᠡ ᠡᠷᠡᠨ ᠳᠤ ᠬᠠᠭᠠᠰ ᠭᠢᠷᠠᠳᠠᠢ ᠠᠭᠤᠯᠭ᠎ᠠ ᠶᠢ ᠨᠢ ᠪᠠᠷᠤᠭ ᠳᠤᠭᠢᠶ᠎ᠠ ᠪᠠᠷ ᠳᠠᠮᠵᠢᠭᠤᠯᠤᠯ᠎ᠠ᠃ ᠳᠡᠭᠡᠭᠡᠤᠨ ᠰᠠᠨᠠᠭᠰᠠᠨ ᠶᠠᠪᠣᠳᠠᠯ ᠰᠠᠭᠠᠷ ᠦᠭᠡᠶ ᠪᠦᠳᠦᠵᠤ ᠂ ᠪᠢᠴᠢᠬᠠᠨ ᠵᠢᠭᠠᠯ ᠤᠨ ᠣᠨᠤᠭᠰᠠᠨ ᠳᠤᠯᠠᠢ ᠰᠢᠷᠭ᠎ᠠ ᠪᠦᠭᠦ ᠠᠢ᠌ᠮᠠᠭ ᠤᠨ ᠣᠷᠤᠯᠳᠤᠭᠠᠨ ᠳᠤ ᠳᠡᠷᠢᠭᠦᠨ ᠱᠠᠩ ᠭᠦᠷᠳᠡᠪᠡ᠃

ᠰᠡᠭᠦᠯᠡᠷ ᠨᠢ᠂ ᠰᠤᠩᠨᠢ ᠭᠤᠸᠠᠢ ᠭᠠᠴᠠᠭᠠᠨ ᠳᠠᠷᠤᠭ᠎ᠠ ᠶᠢᠨ ᠠᠵᠢᠯ ᠢ ᠬᠠᠷᠢᠭᠤᠴᠠᠬᠤ ᠪᠤᠯᠪᠡ᠃ ᠡᠨᠡ ᠦᠶᠡᠰ ᠮᠦᠨ ᠨᠢᠭᠡ ᠰᠠᠢ᠌ᠬᠠᠨ ᠠᠯᠠᠭ ᠮᠤᠷᠢ ᠳᠤᠭᠤᠵᠤ ᠠᠷᠠᠴᠢᠯᠠᠨ ᠪᠠᠢ᠌ᠭᠰᠠᠨ ᠪᠠ ᠳᠠᠷᠠ ᠮᠤᠷᠢ ᠨᠢ ᠣᠳᠠᠯ ᠦᠭᠡᠶ ᠪᠠᠶ᠎ᠠ ᠭᠠᠯᠪᠢᠷ᠂ ᠪᠠᠢ᠌ᠳᠠᠯ ᠮᠠᠶ‍ᠢᠭ ᠪᠠ ᠬᠤᠷᠳᠤᠨ ᠵᠢᠷᠤᠭ᠎ᠠ ᠪᠠᠷ ᠶᠢᠡᠨ ᠬᠤᠯᠠ ᠣᠢ᠌ᠷ᠎ᠠ ᠳᠠᠭᠠᠨ ᠠᠯᠳᠠᠷᠰᠢᠭᠰᠠᠨ ᠨᠢ ᠶᠡᠭᠡ ᠬᠤᠵᠢᠮ ᠤᠨ ᠣᠴᠢᠷ ᠪᠢᠯᠠ ᠃ ᠭᠡᠳᠤᠨ ᠵᠢᠯ ᠤᠨ ᠭᠢᠨᠢ ᠳᠠᠷᠠᠭ᠎ᠠ ᠭᠠᠢ ᠭᠠᠵᠠᠷ ᠳᠤᠤᠷ᠎ᠠ ᠡᠴᠠ ᠭᠡᠭ᠍ᠴᠢ ᠪᠠᠷ ᠭᠡᠨᠡᠦᠡᠳᠡ ᠵᠢᠷᠤᠭ᠎ᠠ ᠠᠯᠠᠭ ᠨᠢ ᠡᠪᠠᠦᠡᠴᠢᠯᠡᠭᠡᠤᠨ᠂ ᠶᠠᠭᠠᠭᠢᠵᠤ ᠡᠮᠨᠡᠭᠦᠯᠦᠭ᠍ᠰᠡᠨ ᠴᠤ ᠳᠤᠰᠠ ᠪᠣᠯᠤᠭᠰᠠᠨ ᠦᠭᠡᠶ ᠥᠭᠦᠪᠡ᠃ ᠵᠠᠵᠢ ᠶᠢᠨ ᠦᠰᠦ ᠨᠢ ᠴᠠᠢ᠌ᠵᠤ᠂ ᠵᠠᠬ᠎ᠠ ᠶᠢᠨ ᠠᠷᠠᠭ᠎ᠠ ᠨᠢ ᠣᠨᠠᠭᠰᠠᠨ ᠰᠤᠩᠨᠢ ᠭᠤᠸᠠᠢ ᠶᠡᠭᠡᠳᠡ ᠡᠮᠭᠢᠨᠡᠨ ᠵᠤᠪᠠᠵᠤ ᠨᠣᠢ᠌ᠷ ᠬᠤᠭᠤᠯᠠ ᠦᠭᠡᠶ ᠭᠤᠷᠪᠠ ᠬᠤᠨᠤᠪᠠ᠃ ᠳᠠᠮᠠᠢ ᠣᠳᠠᠯ ᠦᠭᠡᠶ ᠪᠠᠷ ᠳᠤᠭᠤᠨᠤᠳᠤ ᠭᠡᠷ ᠲᠤ ᠳᠤᠯᠤᠭᠠᠢ ᠬᠤᠯᠪᠣᠵᠤ᠂ ᠳᠤᠭᠤᠭ᠎ᠠ ᠲᠡᠶ ᠬᠤᠭᠤᠯᠠᠨ ᠳᠤ ᠬᠤᠰᠢᠭᠤ ᠬᠤᠯᠪᠣᠭᠰᠠᠨ ᠪᠦᠰᠡᠭᠦᠢ ᠨᠢ ᠴᠤ ᠭᠦᠡᠳᠤ ᠡᠪᠠᠦᠡᠴᠢᠯᠡᠪᠡ᠃ ᠰᠤᠩᠨᠢ ᠳᠤ ᠭᠡᠨᠡᠦᠡᠳᠡ ᠵᠠᠯᠭ᠎ᠠ ᠵᠠᠯᠭᠠᠪᠠᠷ ᠳᠠᠭᠠᠷᠠᠭᠰᠠᠨ ᠭᠠᠢ ᠪᠠᠷᠴᠢᠤᠨ ᠨᠢ ᠦᠵᠡᠯ ᠰᠠᠨᠠᠭᠠᠨ ᠤ ᠭᠢᠨᠢ ᠭᠦᠡᠳᠤ ᠳᠠᠷᠤᠭᠠᠰᠤ ᠪᠣᠯᠵᠤ᠂《ᠡᠨᠡ ᠵᠢᠯ ᠨᠠᠳᠠ ᠳᠤ ᠮᠠᠭᠤ ᠰᠤᠪᠢᠩ ᠪᠠᠭᠤᠵᠠᠢ᠂ ᠮᠢᠨᠤ ᠭᠡᠢ᠌ᠮᠦᠷᠢ ᠯᠤᠩᠳᠠ ᠪᠠᠭᠤᠷᠠᠵᠠᠢ ᠂ ᠮᠠᠭᠤ ᠢᠷᠸ᠎ᠠ ᠶᠢᠨ ᠳᠤᠭᠢᠶ᠎ᠠ ᠢᠷᠠᠯ᠎ᠠ》ᠭᠡᠵᠤ ᠰᠡᠵᠢᠭ᠍ᠯᠡᠭᠦ ᠶᠢᠨ ᠬᠠᠮᠳᠤ ᠠᠯᠠᠭ ᠮᠤᠷᠢᠨ ᠳᠠᠭᠠᠨ ᠵᠤᠪᠠᠭᠰᠠᠭᠠᠷ ᠪᠠᠢ᠌ᠵᠤ ᠂ ᠳᠠᠷᠠ ᠡᠪᠦᠯ ᠨᠢ ᠨᠠᠰᠤ ᠪᠠᠷᠠᠪᠠ᠃

ᠰᠤᠩᠨᠢ ᠪᠣᠯ ᠦᠪᠡᠷ ᠤᠨ ᠨᠤᠳᠤᠭ ᠲᠠᠭᠠᠨ ᠳᠡᠭ᠍ᠷᠢ ᠨᠢ ᠰᠢᠭ᠌ ᠡᠵᠡᠨ ᠪᠣᠯᠵᠤ᠂ ᠠᠳᠤᠭᠤ ᠮᠠᠯ ᠶᠢᠡᠨ ᠠᠮᠢ ᠭᠤᠤᠯ ᠲᠡᠶ ᠪᠠᠨ ᠢᠵᠢᠯᠭᠡᠨ ᠬᠠᠢ᠌ᠷᠠᠯᠠᠵᠤ ᠶᠠᠪᠣᠭᠰᠠᠨ ᠭᠦᠮᠤᠨ ᠶᠤᠮ᠃ ᠳᠠᠷᠠ ᠨᠢᠭᠡ ᠨᠠᠰᠤᠨ ᠳᠠᠭᠠᠨ ᠨᠠᠢ᠌ᠳᠠ ᠨᠢᠭᠡ ᠵᠠᠭᠤ ᠳᠦᠴᠢᠨ ᠵᠢᠷᠭᠤᠭᠠᠨ ᠵᠢᠷᠤᠭ᠎ᠠ ᠮᠤᠷᠢ ᠰᠤᠷᠭᠠᠵᠤ ᠳᠤᠳᠤᠮᠳᠠᠪᠠ᠃

ᠵᠤᠬᠢᠶᠠᠭᠴᠢ ᠶᠢᠨ ᠬᠠᠶ‍ᠢᠭ ᠄  ᠦᠤᠰᠢᠨ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠷ·ᠴᠢᠷᠮᠠᠢ᠌ᠯᠲᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9209
ᠴᠠᠭ᠄ 2010 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ