☆ ᠭᠤ᠋·ᠪᠠᠳᠤᠬᠤᠶᠠᠭ
ᠬᠠᠩᠰᠢᠨ᠎ᠠ ᠪᠢᠴᠢᠭ᠍ᠰᠡᠨ ᠰᠢᠯᠦᠭ᠌
ᠣᠰᠤᠨ ᠤ ᠰᠢᠪᠠᠭᠤᠳ
ᠳᠠᠷᠯᠠᠨ ᠳᠠᠯ᠎ᠠ ᠶᠢ
ᠰᠡᠭᠦᠳᠡᠷ ᠶᠢᠡᠷ ᠶᠢᠡᠨ ᠵᠥᠢᠭᠦ ᠶᠢᠨ ᠴᠠᠭ
ᠣᠳᠠᠭᠠᠨ ᠭᠦᠯᠢᠶᠡᠯᠭᠡᠭ᠍ᠰᠡᠨ ᠭᠦᠤ ᠨᠢ
ᠣᠷᠳᠤ ᠰᠢᠯᠢ ᠶᠢᠨ ᠴᠡᠩᠭᠡᠷ ᠵᠡᠭᠦᠳᠤᠨ ᠢ ᠠᠷᠭᠠᠳᠠᠨ
ᠣᠳᠠᠬᠤ ᠦᠭᠡᠶ ᠯᠠ ᠣᠴᠢᠨ᠎ᠠ ᠡ
ᠡᠵᠢ ᠮᠢᠨᠢ
ᠠᠭᠤᠯᠠ ᠶᠢᠨ ᠪᠦᠷᠭᠦᠤᠨ
ᠦᠳᠡᠰᠢ ᠶᠢᠨ ᠪᠦᠷᠦᠢ ᠵᠢ
ᠵᠢᠭᠦᠷ ᠶᠢᠡᠷ ᠶᠢᠡᠨ ᠬᠠᠢ᠌ᠴᠢᠯᠠᠬᠤ ᠶᠢᠨ ᠡᠷᠢᠨ
ᠣᠬᠠᠭᠠᠨ ᠥᠪᠯᠡᠭᠦᠯᠡᠭ᠍ᠰᠡᠨ ᠦᠷ᠎ᠡ ᠨᠢ
ᠣᠬᠠᠭ᠎ᠠ ᠦᠭᠡᠶ ᠳᠠᠪᠭᠢᠭᠤᠯᠵᠤ ᠣᠴᠢᠨ᠎ᠠ ᠡ
ᠠᠪᠣ ᠮᠢᠨᠢ
ᠬᠣᠢ᠌ᠨ᠎ᠠ ᠮᠢᠨᠢ
ᠬᠤᠯᠪᠣᠵᠤ ᠭᠢᠯᠭᠢᠵᠤ ᠪᠠᠢ᠌ᠭᠰᠠᠨ
ᠬᠤᠪᠣᠷᠬᠠᠨ ᠭᠡᠳᠤᠨ ᠪᠠᠳᠠᠭ
ᠬᠤᠷᠸ᠎ᠠ ᠶᠢᠨ ᠵᠠᠢ ᠳᠤ ᠢᠷᠭᠤᠢ ᠴᠡᠩᠭᠡᠷᠡᠯᠡᠨ ᠬᠤᠴᠤᠷᠠᠨ᠎ᠠ ᠡ
ᠦᠨᠡᠨ ᠮᠢᠨᠤ᠃
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ
ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2012 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ