☆ ᠪᠠ᠊·ᠷᠢᠨᠴᠢᠨ
ᠮᠤᠡᠭᠭᠤᠯ ᠵᠡᠡᠭ ᠠᠷᠡᠨᠰᠢᠨ ᠶᠢᠠᠨ ᠨᠡᠨᠳᠢᠡᠭᠨᠡᠶᠡ
ᠣᠳᠤᠬᠠᠨ ᠳᠤ ᠶᠡᠭᠡ ᠳᠡᠭᠡᠳᠤ ᠰᠤᠷᠭᠠᠭᠤᠯᠢ᠂ ᠳᠡᠭᠡᠳᠤ ᠳᠤᠮᠳᠠᠳᠤ᠂ ᠠᠡᠭᠬ᠎ᠠ ᠳᠤᠮᠳᠠᠳᠤ᠂ ᠪᠠᠭ᠎ᠠ ᠰᠤᠷᠭᠠᠭᠤᠯᠢ ᠶᠢᠨ ᠰᠢᠨ᠎ᠠ ᠭᠢᠴᠢᠶᠠᠯ ᠤᠨ ᠳᠠᠪᠳᠠᠷ ᠤᠨ ᠨᠠᠢ᠌ᠷᠠᠭᠤᠯᠤᠯ ᠭᠡᠪᠯᠡᠯ ᠳᠤ ᠮᠤᠩᠭ᠋ᠤᠯ ᠠᠵᠤ ᠠᠮᠢᠳᠤᠷᠠᠯ ᠠᠮᠢᠳᠤ ᠰᠤᠷᠭᠤᠭ ᠪᠠᠢ᠌ᠭᠠᠯᠢ ᠮᠤᠩᠭ᠋ᠤᠯ ᠵᠠᠩ ᠠᠷᠠᠠᠰᠢᠨ ᠤ ᠬᠠᠮᠢᠶ᠎ᠠ ᠪᠦᠭᠦᠢ ᠰᠤᠳᠤᠨ ᠰᠤᠨᠢᠨ ᠠᠭᠤᠯᠭ᠎ᠠ ᠬᠤᠮᠰᠠᠳᠠᠵᠤ ᠪᠣᠰᠤᠳ ᠦᠨᠳᠦᠰᠦᠳᠠᠨ ᠤ ᠰᠤᠶᠤᠯ ᠪᠣᠯᠪᠠᠰᠤᠷᠠᠯ ᠣᠯᠳᠠᠰᠢ ᠦᠭᠡᠶ ᠣᠷᠬᠤᠳᠠᠢ ᠪᠣᠯᠵᠠᠢ᠃ ᠡᠨᠡᠭᠦ ᠰᠤᠶᠤᠯ ᠣᠤᠠᠬ᠎ᠠ ᠶᠢᠨ ᠰᠠᠮ ᠳᠦᠷᠢᠯᠳᠠ ᠳᠤ ᠳ᠋ᠤᠺᠲ᠋ᠤᠷ᠂ ᠫᠷᠤᠹᠸᠰᠰᠤᠷ᠂ ᠰᠤᠳᠤᠯᠭᠠᠳᠠᠨ᠂ ᠡᠷᠳᠡᠮᠳᠡᠨ ᠪᠠᠭᠰᠢ ᠣᠩᠰᠢᠭᠴᠢ ᠨᠡᠷ ᠨᠠᠢ᠌ᠷᠠᠭᠤᠯᠤᠯ ᠳᠡᠷᠢᠭᠦᠯᠡᠵᠤ ᠰᠢᠨ᠎ᠠ ᠭᠢᠴᠢᠶᠠᠯ ᠤᠨ ᠳᠠᠪᠳᠠᠷ ᠤᠨ ᠨᠠᠢ᠌ᠷᠠᠭᠤᠯᠤᠯ ᠭᠡᠪᠯᠡᠯ ᠤᠨ ᠣᠢ᠌ᠯᠠᠰ ᠢ ᠣᠯᠠᠮ ᠭᠦᠡᠳᠦᠦᠡᠭᠡᠨ ᠠᠤᠬᠠᠤᠬᠤ ᠭᠡᠷᠡᠭ᠍ᠳᠡᠢ᠃
ᠵᠥᠪᠭᠡᠨ ᠰᠢᠨ᠎ᠠ ᠭᠢᠴᠢᠶᠠᠯ ᠤᠨ ᠳᠠᠪᠳᠠᠷ ᠤᠨ《ᠶᠠᠷᠢᠶ᠎ᠠ ᠬᠠᠷᠢᠯᠴᠠᠭ᠎ᠠ》 ᠳᠤ ᠢᠢᠮᠤ ᠠᠭᠤᠯᠭ᠎ᠠ ᠶᠢ ᠨᠠᠢ᠌ᠷᠠᠭᠤᠯᠬᠤ ᠴᠢᠬᠤᠯᠠ ᠲᠡᠶ᠂ ᠵᠢᠱᠢᠶᠠᠯᠠᠪᠠᠯ᠄ ᠠᠳᠤᠭᠤ ᠮᠠᠨᠠᠬᠤ᠂ ᠬᠤᠷᠢᠶᠠᠬᠤ ᠣᠰᠤᠯᠠᠬᠤ᠂ ᠡᠷᠢᠭᠦ ᠳᠤ ᠭᠡᠯᠡᠭᠦ ᠥᠭᠡ᠃ ᠮᠤᠩᠭ᠋ᠤᠯ ᠭᠦᠮᠤᠨ ᠠᠳᠤᠭᠤ ᠮᠠᠯᠯᠠᠬᠤ ᠶᠢ ᠶᠡᠭᠡ ᠠᠩᠬᠠᠷᠴᠤ ᠭᠦᠡᠳᠦᠯᠡᠳᠡᠭ᠌ ᠶᠤᠮ᠃ ᠡᠭᠦᠨ ᠳᠤ᠄ ᠠᠳᠤᠭᠤ ᠮᠠᠨᠠᠬᠤ ᠪᠠᠷ ᠶᠠᠪᠣᠬᠤ ᠳᠤ᠄
᠊᠊᠊᠊᠊᠊᠊ ᠪᠢᠳᠡᠭᠦᠤ ᠳᠤᠭᠤᠷᠠᠢ᠌ᠳᠠᠨ ᠪᠦᠷᠢᠨ ᠬᠤᠨᠤᠳᠤᠭᠠᠢ᠃
ᠬᠠᠷᠢᠭᠤ ᠳ᠋ᠤᠨᠢ ᠄
᠊᠊᠊᠊᠊᠊᠊ ᠠᠮᠠᠨ ᠦᠯᠵᠡᠢ ᠲᠡᠶ ᠪᠣᠯᠤᠭ ᠃
ᠠᠳᠤᠭᠤ ᠮᠠᠨᠠᠵᠤ ᠪᠠᠢ᠌ᠬᠤ ᠳᠤ᠄
᠊᠊᠊᠊᠊᠊᠊ ᠰᠦᠮᠪᠦᠷ ᠠᠭᠤᠯᠠ ᠮᠠᠳᠤ ᠰᠦᠷ ᠲᠡᠶ ᠪᠣᠯᠤᠭ ᠃
ᠬᠠᠷᠢᠭᠤ ᠳ᠋ᠤᠨᠢ ᠄
᠊᠊᠊᠊᠊᠊᠊ ᠰᠥᠷᠦᠭ᠌ ᠳᠠᠢ᠌ᠪᠣᠩ ᠪᠠᠢ᠌ᠨ᠎ᠠ᠃
ᠠᠳᠤᠭᠤ ᠮᠠᠨᠠᠭᠠᠤᠨ ᠢᠷᠡᠭᠦ ᠳᠤ᠄
᠊᠊᠊᠊᠊᠊᠊ ᠰᠥᠷᠦᠭ᠌ ᠮᠠᠠᠳᠤ ᠬᠤᠨᠤᠪᠠᠤ ︖
ᠬᠠᠷᠢᠭᠤ ᠳ᠋ᠤᠨᠢ ᠄
᠊᠊᠊᠊᠊᠊᠊ ᠰᠥᠷᠦᠭ᠌ ᠮᠠᠠᠳᠤ ᠬᠤᠨᠤᠯ᠎ᠠ᠃
ᠠᠳᠤᠭᠤ ᠬᠤᠷᠢᠶᠠᠵᠤ ᠳᠠᠭᠤᠵᠤ ᠶᠠᠪᠣᠬᠤ ᠳᠤ᠄
᠊᠊᠊᠊᠊᠊᠊ ᠰᠥᠷᠦᠭ᠌ ᠳᠠᠪᠠᠳᠠᠢ ᠪᠠᠢ᠌ᠨ᠎ᠠ ᠦᠦ ︖
᠊᠊᠊᠊᠊᠊᠊ ᠰᠥᠷᠦᠭ᠌ ᠪᠦᠷᠢᠨ ᠮᠠᠠᠳᠤ ᠂ ᠭᠦᠴᠤ ᠳᠠᠷᠭᠤ ᠰᠠᠢ᠌ᠳᠠᠢ ᠪᠠᠢ᠌ᠨ᠎ᠠ ᠦᠦ ︖
᠊᠊᠊᠊᠊᠊᠊ ᠳᠦᠯ ᠣᠯᠠᠨ᠂ ᠨᠤᠳᠤᠭ ᠣᠰᠤ ᠳᠠᠪᠠᠳᠠᠢ ᠪᠠᠢ᠌ᠨ᠎ᠠ ᠦᠦ ︖
ᠬᠠᠷᠢᠭᠤ ᠳ᠋ᠤᠨᠢ ᠄
᠊᠊᠊᠊᠊᠊᠊ ᠳᠠᠪᠠᠳᠠᠢ ᠰᠠᠢ᠌ᠨ ᠪᠠᠢ᠌ᠨ᠎ᠠ᠃
᠊᠊᠊᠊᠊᠊᠊ ᠰᠥᠷᠦᠭ᠌ ᠪᠦᠷᠢᠨ᠂ ᠭᠦᠴᠤ ᠳᠠᠷᠭᠤ ᠰᠠᠢ᠌ᠨ ᠪᠠᠢ᠌ᠨ᠎ᠠ᠃
᠊᠊᠊᠊᠊᠊᠊ ᠳᠦᠯ ᠣᠯᠠᠨ᠂ ᠨᠤᠳᠤᠭ ᠨᠤᠰᠤ ᠳᠠᠪᠠᠳᠠᠢ ᠪᠠᠢ᠌ᠨ᠎ᠠ᠃
ᠠᠳᠤᠭᠤ ᠣᠰᠤᠯᠠᠵᠤ ᠪᠠᠢ᠌ᠪᠠᠯ ᠄
᠊᠊᠊᠊᠊᠊᠊ ᠣᠰᠤ ᠴᠡᠩᠭᠡᠭ᠌ ᠣᠠᠳᠤᠷᠤᠭ᠎ᠠ ᠠᠷᠪᠢᠨ ᠪᠣᠯᠳᠤᠭᠠᠢ ᠃ (ᠢᠩᠭᠢᠵᠤ ᠭᠡᠯᠡᠭᠡᠤᠨ ᠶᠠᠮᠠᠷ ᠴᠤ ᠶᠠᠭᠠᠷᠠᠤ ᠠᠵᠢᠯ ᠲᠡᠶ ᠶᠠᠪᠣᠭᠰᠠᠨ ᠴᠤ ᠨᠢᠭᠡ ᠬᠤᠶᠠᠷ ᠬᠤᠪᠣᠭᠤ ᠣᠰᠤ ᠳᠠᠳᠠᠵᠤ ᠥᠭ᠍ᠳᠡᠭ᠌᠄ ᠮᠠᠯ ᠢ ᠥᠷᠭᠦᠭᠡᠵᠤ ᠰᠤᠴᠢᠭᠠᠬᠤ ᠦᠭᠡᠶ ᠳᠠᠢ᠌ᠪᠣᠩ ᠣᠰᠤᠯᠠᠳᠠᠭ ᠵᠠᠩᠰᠢᠯ ᠲᠡᠶ᠃ ) ᠠᠳᠤᠭᠤ ᠮᠠᠯ ᠡᠷᠢᠭᠦ ᠪᠠᠷ ᠶᠠᠪᠣᠬᠤ ᠳᠤ᠄ ( ᠶᠠᠮᠠᠷ ᠴᠤ ᠮᠠᠯ ᠠᠳᠠᠯᠢ᠂ ᠡᠷᠢᠯ ᠠᠳᠠᠯᠢ ) ᠄
᠊᠊᠊᠊᠊᠊᠊ ᠡᠷᠢᠯ ᠦᠯᠵᠡᠢ ᠲᠡᠶ ᠪᠣᠯᠪᠠᠯ
᠊᠊᠊᠊᠊᠊᠊ ᠡᠷᠢᠯ ᠶᠢᠡᠨ ᠣᠯᠬᠤ ᠪᠣᠯᠳᠤᠭᠠᠢ᠃
᠊᠊᠊᠊᠊᠊᠊ ᠡᠷᠢᠯ ᠣᠢ᠌ᠷ᠎ᠠ ᠪᠠᠢ᠌ᠭ᠃
᠊᠊᠊᠊᠊᠊᠊ ᠡᠷᠢᠯ ᠤᠨ ᠥᠵᠦᠭᠦᠷ ᠵᠦᠪ ᠪᠣᠯᠤᠭ᠃
ᠬᠠᠷᠢᠭᠤ ᠮᠠᠠᠳᠤ ᠨᠢ᠄ ᠠᠳᠤᠭᠤ ᠣᠳᠤᠷᠯᠠᠵᠤ ᠶᠠᠪᠣᠬᠤ ᠳᠤ ( ᠶᠠᠮᠠᠷ ᠴᠤ ᠣᠳᠤᠷᠯᠠᠬᠤ ᠠᠳᠠᠯᠢ ) ᠄
᠊᠊᠊᠊᠊᠊᠊ ᠪᠠᠯᠴᠢᠭᠡᠷ ᠠᠷᠪᠢᠨ᠂ ᠣᠰᠤ ᠣᠷᠭᠤᠮᠠᠯ ᠳᠡᠭ᠍ᠰᠢ ᠪᠠᠢ᠌ᠬᠤ ᠪᠣᠯᠳᠤᠭᠠᠢ᠃
ᠬᠠᠷᠢᠭᠤ ᠮᠠᠠᠳᠤ ᠨᠢ᠄
᠊᠊᠊᠊᠊᠊᠊ ᠠᠮᠠᠨ ᠤ ᠪᠠᠯᠭᠡ ᠪᠠᠷ ᠪᠣᠯᠤᠭ᠃ ᠭᠡᠭᠦ ᠵᠡᠷᠭᠡ ᠶᠢ ᠵᠤᠷᠢᠯᠭ᠎ᠠ ᠲᠡᠶ ᠰᠤᠩᠭ᠋ᠤᠨ ᠨᠠᠢ᠌ᠷᠠᠭᠤᠯᠵᠤ ᠵᠢᠭᠠᠨ ᠵᠢᠯᠤᠭᠤᠤᠠᠴᠤ ᠦᠪᠡᠷ ᠤᠨ ᠦᠨᠳᠦᠰᠦᠳᠠᠨ ᠤ ᠣᠭᠢ ᠰᠤᠳᠤᠨ ᠰᠤᠶᠤᠯ ᠪᠣᠯᠪᠠᠰᠤᠷᠠᠯ ᠢ ᠣᠯᠠᠮᠵᠢᠯᠠᠨ ᠭᠦᠭ᠍ᠵᠢᠭᠦᠯᠭᠦ ᠭᠡᠷᠡᠭ᠍ᠳᠡᠢ᠃ ᠪᠢᠳᠠ ᠠᠯᠳᠠᠷᠳᠤ ᠰᠢᠡᠵᠢᠯᠡᠭᠦ ᠣᠬᠠᠭᠠᠠᠳᠠᠨ ᠰᠢᠭᠤᠷᠭᠠᠨ ᠶᠢᠡᠷ ᠮᠠᠩᠯᠠᠢ᠌ᠯᠠᠭᠤᠯᠵᠤ ᠮᠤᠩᠭ᠋ᠤᠯ ᠥᠭᠡ ᠭᠡᠯᠡ ᠥᠰᠦᠭ᠌ ᠪᠢᠴᠢᠭ᠌ ᠮᠤᠩᠭ᠋ᠤᠯ ᠰᠤᠶᠤᠯ ᠰᠢᠡᠵᠢᠯᠡᠭᠦ ᠣᠬᠠᠭᠠᠨ ᠶᠢᠡᠨ ᠰᠤᠷᠴᠤ ᠭᠡᠷᠡᠭᠯᠡᠨ ᠳᠡᠯᠡᠭᠡᠢ ᠶᠢᠨ ᠰᠢᠨ᠎ᠠ ᠡᠭᠦᠳᠦᠯᠳᠡ ᠶᠢ ᠪᠢᠴᠢᠭ᠍ᠯᠡᠶᠡ᠃
ᠵᠤᠭᠢᠶᠠᠭᠴᠢ ᠶᠢᠨ ᠬᠠᠶᠢᠭ᠄ ᠣᠯᠠᠭᠠᠠᠴᠠᠪ ᠤᠨ ᠳᠦᠷᠪᠡᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠪᠠ᠊·ᠷᠢᠨᠴᠢᠨ
ᠬᠠᠷᠢᠶ᠎ᠠ᠄
ᠵᠠᠩ ᠤᠢ᠌ᠯᠠᠳᠠᠷᠤᠮ᠄ 7606
ᠴᠠᠭ᠄ 2010 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ