ᠨᠡᠪᠲᠡᠷᠡᠨ ᠤᠷᠤᠬᠤ
ᠤᠯᠠᠮᠵᠢᠯᠠᠯᠲᠤ ᠤᠷᠠᠯᠠᠯ ᠤᠨ ᠦᠶ᠎ᠡ ᠵᠠᠯᠭᠠᠭᠰᠠᠨ ᠥᠯᠵᠡᠢ ᠵᠠᠩᠭᠢᠶ᠎ᠠ

ᠰᠠᠷᠵᠢᠮ᠎ᠠ ᠪᠠᠭᠰᠢ ᠶᠢᠨ ᠣᠶᠤᠨ ᠣᠬᠠᠭᠠᠨ ᠶᠢᠡᠷ ᠶᠢᠡᠨ ᠡᠭᠦᠰᠭᠡᠨ ᠡᠰᠭᠡᠵᠤ᠂ ᠣᠷ᠎ᠠ ᠮᠡᠷᠭᠡᠵᠢᠯ ᠶᠢᠡᠷ ᠶᠢᠡᠨ ᠵᠤᠬᠢᠶᠠᠵᠤ ᠪᠦᠳᠦᠭᠡᠭ᠍ᠰᠡᠨ《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠪᠣᠯ ᠦᠨᠳᠦᠰᠦᠳᠠᠨ ᠤ ᠣᠯᠠᠮᠵᠢᠯᠠᠯᠳᠤ ᠰᠤᠶᠤᠯ ᠤᠨ ᠨᠤᠮ ᠤᠨ ᠬᠤᠷᠠᠯᠳᠠᠢ ᠳᠤ ᠦᠪᠡᠷ ᠤᠨ ᠶᠢᠡᠨ ᠭᠡᠰᠡᠨ ᠣᠷᠤᠨ ᠪᠠᠢ᠌ᠷᠢ ᠪᠠᠨ ᠡᠵᠡᠯᠡᠭᠦ ᠶᠤᠰᠤᠳᠠᠢ ᠭᠡᠵᠤ ᠪᠠᠷᠳᠠᠮ ᠪᠣᠳᠤᠵᠤ᠂ ᠪᠠᠶᠠᠰᠤᠨ ᠢᠳᠡᠭᠡᠵᠤ ᠪᠠᠢ᠌ᠨ᠎ᠠ᠃

ᠣᠶᠤᠳᠠᠯ ᠣᠷᠠᠯᠠᠯ ᠪᠣᠯ ᠮᠤᠩᠭ᠋ᠤᠯᠴᠤᠳ ᠤᠨ ᠠᠮᠢᠳᠤᠷᠠᠬᠤᠢ ᠶᠢᠨ ᠣᠬᠠᠭᠠᠨ᠂ ᠵᠢᠭᠠᠨ ᠰᠤᠷᠭᠠᠬᠤᠢ ᠶᠢᠨ ᠣᠬᠠᠭᠠᠨ᠂ ᠳᠡᠵᠢᠭᠡᠭᠦᠢ ᠶᠢᠨ ᠣᠬᠠᠭᠠᠨ᠂ ᠨᠤᠮ ᠢ ᠪᠢᠰᠢᠷᠡᠭᠦᠢ ᠣᠬᠠᠭᠠᠨ᠂ ᠣᠷᠠᠯᠠᠬᠤᠢ ᠣᠬᠠᠭᠠᠨ ᠵᠡᠷᠭᠡ ᠣᠯᠠᠮᠵᠢᠯᠠᠯᠳᠤ ᠳᠠᠪᠤᠨ ᠣᠬᠠᠭᠠᠨ ᠤ ᠣᠷᠠᠯᠠᠬᠤᠢ ᠣᠬᠠᠭᠠᠨ ᠤ ᠭᠢᠨᠢ ᠨᠢᠭᠡ ᠴᠢᠬᠤᠯᠠ ᠠᠭᠤᠯᠭ᠎ᠠ ᠪᠣᠯᠤᠨ᠎ᠠ᠃《ᠭᠠᠢ᠌ᠬᠠᠮᠰᠢᠭ ᠢ ᠪᠦᠳᠦᠭᠡᠭᠦᠢ ᠰᠡᠳᠬᠢᠯᠭᠡ ᠪᠣᠯ ᠣᠷᠠᠯᠠᠬᠤᠢ ᠣᠬᠠᠭᠠᠨ ᠶᠤᠮ᠃ ᠭᠠᠢ᠌ᠬᠠᠮᠰᠢᠭ ᠢ ᠪᠦᠳᠦᠭᠡᠭᠦ ᠳᠤ ᠣᠬᠠᠭᠠᠨ᠂ ᠣᠷ᠎ᠠ ᠬᠤᠶᠠᠷ ᠬᠤᠤᠰᠯᠠᠨ᠎ᠠ》 (ᠫ᠂ ᠬᠤᠷᠯᠸ᠎ᠠ)᠃ ᠮᠤᠩᠭ᠋ᠤᠯ ᠠᠷᠠᠤᠨ ᠤᠨ ᠣᠶᠤᠨ ᠣᠬᠠᠭᠠᠨ᠂ ᠣᠷ᠎ᠠ ᠠᠪᠢᠶᠠᠰ ᠬᠤᠶᠠᠷ ᠤᠨ ᠬᠤᠤᠰᠯᠠᠯ ᠶᠢᠡᠷ ᠠᠮᠢᠯᠠᠭᠰᠠᠨ ᠣᠶᠤᠳᠠᠯ ᠣᠷᠠᠯᠠᠯ ᠪᠣᠶᠤ ᠬᠤᠪᠴᠠᠰᠤ ᠵᠠᠰᠠᠯ ᠨᠢ ᠦᠨᠡᠨ ᠳᠡᠭᠡᠨ ᠮᠤᠩᠭ᠋ᠤᠯ ᠦᠨᠳᠦᠰᠦᠳᠠᠨ ᠤ ᠭᠤᠶᠤᠯᠠᠯ ᠤᠨ ᠰᠤᠶᠤᠯ ᠤᠨ ᠭᠤᠴᠤ ᠰᠠᠢ᠌ᠬᠠᠨ ᠨᠢᠭᠡᠨ ᠬᠠᠭᠤᠳᠠᠰᠤ ᠮᠦᠨ᠃

ᠪᠠᠳᠤ ᠮᠥᠩᠭᠡ ᠳᠠᠶᠠᠨ ᠬᠠᠭᠠᠨ ᠤ ᠳᠠᠪᠣᠳᠤᠭᠠᠷ ᠭᠦᠪᠠᠭᠦᠨ ᠠᠯᠴᠤᠪᠣᠯᠤᠳ ᠤᠨ ᠬᠤᠷᠠᠭᠴᠢ ᠬᠠᠰᠠᠷ ᠨᠤᠶᠠᠨ ᠭᠡᠳᠡᠭ᠌ ᠭᠦᠪᠠᠭᠦᠨ ᠤ ᠭᠢᠨᠢ ᠠᠬᠠᠮᠠᠤᠨ ᠭᠦᠪᠠᠭᠦᠨ ᠣᠪᠠᠰᠢ ᠣᠢ᠌ᠵᠠᠩ ᠨᠤᠶᠠᠨ ᠵᠠᠷᠤᠳ ᠨᠤᠳᠤᠭ ᠢ ᠡᠵᠡᠯᠡᠨ ᠰᠠᠭᠤᠵᠤ ᠪᠠᠢ᠌ᠵᠠᠢ᠃ ᠵᠠᠷᠤᠳ ᠪᠣᠯ ᠦᠪᠣᠷ ᠳᠠᠪᠤᠨ ᠨᠤᠳᠤᠭ ᠬᠠᠯᠬ᠎ᠠ ᠶᠢᠨ ᠨᠢᠭᠡ ᠳᠤ ᠪᠠᠭᠳᠠᠭᠳᠠᠨ᠎ᠠ᠃ ᠵᠠᠷᠤᠳ ᠬᠤᠰᠢᠭᠤ ᠣᠤᠯ ᠳᠠᠭᠠᠨ ᠵᠡᠭᠦᠨ ᠪᠠᠷᠠᠭᠤᠨ ᠬᠤᠶᠠᠷ ᠬᠤᠰᠢᠭᠤ ᠪᠠᠢ᠌ᠪᠠ᠃ ᠵᠠᠷᠤᠳ ᠵᠡᠭᠦᠨ ᠭᠠᠷᠤᠨ ᠬᠤᠰᠢᠭᠤ ᠨᠢ ᠳᠡᠭᠡᠳᠤ ᠡᠷᠳᠡᠮᠳᠤ ᠶᠢᠨ ᠠᠩᠬᠠᠨ ᠤ ᠣᠨ (1636) ᠳᠤ ᠳᠤᠭᠳᠠᠭᠠᠭᠳᠠᠵᠤ᠂ ᠳᠤᠬᠠᠢ ᠶᠢᠨ ᠦᠶ᠎ᠡ ᠶᠢᠨ ᠠᠷᠪᠠᠨ ᠵᠢᠷᠭᠤᠭᠠᠨ ᠰᠤᠮᠤ ᠶᠢ ᠵᠠᠭᠢᠷᠠᠭᠤᠯᠪᠠ᠃ ᠵᠠᠷᠤᠳ ᠪᠠᠷᠠᠭᠤᠨ ᠭᠠᠷᠤᠨ ᠬᠤᠰᠢᠭᠤ ᠨᠢ ᠡᠶᠡᠪᠠᠷ ᠵᠠᠰᠠᠭᠴᠢ ᠶᠢᠨ ᠳᠠᠪᠣᠳᠤᠭᠠᠷ ᠣᠨ (1648) ᠳᠤ ᠳᠤᠭᠳᠠᠭᠠᠭᠳᠠᠵᠤ᠂ ᠮᠦᠨ ᠴᠤ ᠳᠤᠬᠠᠢ ᠶᠢᠨ ᠦᠶ᠎ᠡ ᠶᠢᠨ ᠠᠷᠪᠠᠨ ᠵᠢᠷᠭᠤᠭᠠᠨ ᠰᠤᠮᠤ ᠶᠢ ᠵᠠᠭᠢᠷᠠᠭᠤᠯᠪᠠ᠃ ᠴᠢᠩ ᠣᠯᠤᠰ ᠤᠨ ᠦᠶ᠎ᠡ ᠳᠤ ᠵᠤᠤ ᠣᠳᠠ ᠶᠢᠨ ᠴᠢᠭᠤᠯᠭᠠᠨ ᠤ ᠬᠠᠷᠢᠶᠠᠨ ᠳᠤ ᠪᠠᠢ᠌ᠭᠰᠠᠨ ᠬᠤᠶᠠᠷ ᠵᠠᠷᠤᠳ ᠴᠢᠯᠦᠭᠡᠯᠡᠭ᠍ᠳᠡᠭ᠍ᠰᠡᠨ ᠤ ᠳᠠᠷᠠᠭ᠎ᠠ ᠨᠢᠭᠡᠳᠦᠭᠡᠤᠨ ᠵᠢᠷᠤᠮ ᠠᠢ᠌ᠮᠠᠭ ᠤᠨ ᠵᠠᠭᠢᠷᠭᠠᠨ ᠳᠤ ᠣᠷᠤᠵᠠᠢ᠃ ᠣᠳᠤ ᠡᠴᠡ ᠪᠠᠷᠤᠭ ᠭᠤᠷᠪᠠᠨ ᠵᠠᠭᠤ ᠳᠠᠯᠠᠨ ᠵᠢᠯ ᠤᠨ ᠳᠡᠦᠭᠡ ᠲᠡᠶ ᠪᠣᠯᠵᠤ ᠪᠠᠢ᠌ᠭ᠎ᠠ ᠵᠠᠷᠤᠳ ᠬᠤᠰᠢᠭᠤ ᠨᠢ ᠠᠭᠠᠵᠢᠮ ᠶᠢᠡᠷ ᠣᠷᠤᠨ ᠨᠤᠳᠤᠭ ᠤᠨ ᠦᠪᠡᠷᠮᠢᠴᠠ ᠣᠠᠴᠠᠯᠢᠭ ᠪᠦᠭᠦᠢ ᠵᠠᠷᠤᠳ ᠰᠤᠶᠤᠯ ᠢ ᠪᠦᠷᠢᠯᠳᠦᠭᠦᠯᠤᠨ ᠠᠯᠠᠭᠤᠷ ᠶᠢᠡᠷ ᠥᠭᠡᠳᠡᠯᠡᠵᠤ ᠨᠡᠭᠦᠳᠡᠯᠯᠡᠵᠤ ᠢᠷᠡᠭ᠍ᠰᠡᠨ ᠪᠠᠢ᠌ᠨ᠎ᠠ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠨᠤᠮ ᠪᠣᠯ ᠵᠠᠷᠤᠳ ᠰᠤᠶᠤᠯ ᠰᠤᠳᠤᠯᠤᠯ ᠳᠤ ᠨᠢᠭᠡᠨ ᠰᠢᠨ᠎ᠠ ᠬᠠᠭᠤᠳᠠᠰᠤ ᠨᠡᠮᠡᠷᠢᠯᠡᠭ᠍ᠰᠡᠨ ᠶᠢᠡᠷ ᠪᠠᠷᠠᠬᠤ ᠦᠭᠡᠶ᠂ ᠮᠤᠩᠭ᠋ᠤᠯ ᠦᠨᠳᠦᠰᠦᠳᠠᠨ ᠤ ᠬᠤᠪᠴᠠᠰᠤ ᠵᠠᠰᠠᠯ ᠰᠤᠳᠤᠯᠤᠯ ᠪᠣᠶᠤ ᠭᠤᠶᠤᠯᠠᠯ ᠤᠨ ᠰᠤᠶᠤᠯ ᠰᠤᠳᠤᠯᠤᠯ ᠤᠨ ᠪᠠᠰᠠ ᠨᠢᠭᠡ ᠬᠤᠭᠤᠰᠤᠨ ᠢ ᠨᠥᠭᠦᠪᠦᠷᠢᠯᠡᠭ᠍ᠰᠡᠨ ᠪᠣᠳᠠᠳᠤ ᠠᠴᠢ ᠬᠤᠯᠪᠣᠭᠳᠠᠯ ᠲᠡᠶ ᠭᠡᠵᠤ ᠦᠵᠡᠵᠤ ᠪᠣᠯᠤᠨ᠎ᠠ᠃ ᠡᠭᠦᠨ ᠡᠴᠡ ᠤᠷᠢᠳ ᠮᠤᠩᠭ᠋ᠤᠯ ᠦᠨᠳᠦᠰᠦᠳᠠᠨ ᠤ ᠬᠤᠪᠴᠠᠰᠤ ᠵᠠᠰᠠᠯ ᠤᠨ ᠳᠤᠬᠠᠢ ᠨᠤᠮ ᠨᠠᠯᠢᠶᠠᠤᠨ ᠭᠡᠳᠤ ᠭᠡᠪᠯᠡᠭ᠍ᠳᠡᠭ᠍ᠰᠡᠨ ᠪᠣᠯᠪᠠᠴᠤ ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ ᠢ ᠰᠢᠰᠲ᠋ᠸᠮ ᠲᠡᠶ ᠨᠠᠷᠢᠨ ᠳᠠᠢ᠌ᠯᠪᠣᠷᠢᠯᠠᠵᠤ ᠳᠠᠨᠢᠯᠴᠠᠭᠤᠯᠤᠭᠰᠠᠨ ᠨᠢ ᠶᠠᠷᠤ ᠡᠴᠡ ᠬᠠᠷᠠᠭᠳᠠᠭ᠎ᠠ ᠦᠭᠡᠶ ᠰᠢᠭ᠌ ᠰᠠᠨᠠᠭᠳᠠᠨ᠎ᠠ᠃《ᠮᠤᠩᠭ᠋ᠤᠯ ᠡᠮᠡᠭ᠍ᠳᠡᠢ ᠶᠢᠨ ᠣᠷᠠᠨ ᠣᠢ᠌ᠯᠠ》 ᠭᠡᠭᠦ ᠨᠤᠮ ᠳᠤ ᠵᠠᠷᠤᠳ ᠬᠤᠪᠴᠠᠰᠤ ᠵᠠᠰᠠᠯ ᠪᠣᠶᠤ ᠣᠶᠤᠳᠠᠯ ᠣᠷᠠᠯᠠᠯ ᠤᠨ ᠳᠤᠬᠠᠢ ᠪᠠᠷᠤᠭ ᠬᠠᠷᠠᠭᠳᠠᠭᠰᠠᠨ ᠦᠭᠡᠶ᠃《ᠮᠤᠩᠭ᠋ᠤᠯ ᠦᠨᠳᠦᠰᠦᠳᠠᠨ ᠤ ᠬᠤᠪᠴᠠᠰᠤ ᠵᠠᠰᠠᠯ ᠤᠨ ᠰᠤᠶᠤᠯ》 ᠭᠡᠭᠦ ᠳᠡᠦᠭᠡ ᠶᠢᠨ ᠰᠢᠠᠵᠢ ᠲᠡᠶ ᠵᠤᠵᠠᠭᠠᠨ ᠨᠤᠮ ᠤᠨ《ᠬᠤᠰᠢᠭᠤ ᠨᠤᠳᠤᠭ ᠤᠨ ᠬᠤᠪᠴᠠᠰᠤ ᠵᠠᠰᠠᠯ》 ᠨᠢ ᠬᠤᠷᠴᠢᠨ ᠪᠠᠭᠠᠷᠢᠨ ᠤ ᠬᠤᠪᠴᠠᠰᠤ ᠵᠠᠰᠠᠯ ᠳᠤ ᠪᠠᠭᠳᠠᠭᠳᠠᠭᠰᠠᠨ ᠪᠠᠢ᠌ᠨ᠎ᠠ᠃ ᠡᠢ᠌ᠮᠤ ᠡᠴᠡ ᠰᠠᠷᠵᠢᠮ᠎ᠠ ᠪᠠᠭᠰᠢ ᠶᠢᠨ ᠴᠢᠷᠮᠠᠢ᠌ᠨ ᠵᠤᠬᠢᠶᠠᠭᠰᠠᠨ《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠨᠢ ᠡᠨᠡ ᠳᠠᠯ᠎ᠠ ᠪᠠᠷ ᠭᠢ ᠬᠤᠭᠤᠰᠤᠨ ᠢ ᠨᠥᠭᠦᠪᠦᠷᠢᠯᠡᠭ᠍ᠰᠡᠨ ᠶᠢᠡᠷ ᠪᠠᠷᠠᠬᠤ ᠦᠭᠡᠶ᠂ ᠵᠠᠷᠤᠳ ᠭᠤᠶᠤᠯᠠᠯ ᠤᠨ ᠰᠤᠶᠤᠯ ᠰᠤᠳᠤᠯᠤᠯ ᠤᠨ ᠡᠭᠢᠯᠡᠯᠳᠡ ᠶᠢᠨ ᠭᠦᠰᠢᠭᠡ ᠶᠢ ᠴᠤ ᠢᠯᠭᠤᠮ ᠣᠷᠤᠭᠰᠢᠳᠠᠢ ᠪᠠᠷ ᠨᠡᠭᠡᠭᠡᠵᠤ ᠥᠭ᠍ᠴᠡᠢ᠃《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠨᠢ ᠭᠡᠷᠡᠭᠯᠡᠭᠡᠨ ᠤ ᠴᠢᠨᠠᠷ ᠲᠡᠶ ᠰᠠᠢ᠌ᠨ ᠨᠤᠮ ᠪᠣᠯᠬᠤ ᠨᠢ ᠭᠠᠷᠴᠠᠭ᠎ᠠ ᠦᠭᠡᠶ᠃ ᠣᠶᠤᠳᠠᠯᠴᠢᠨ ᠣᠢ᠌ᠯᠠᠴᠢᠨ᠂ ᠡᠷᠳᠡᠮᠳᠡᠨ ᠰᠤᠳᠤᠯᠭᠠᠳᠠᠨ ᠤ ᠭᠠᠷ ᠠᠪᠣᠯᠭ᠎ᠠ ᠶᠢᠨ ᠰᠠᠢ᠌ᠨ ᠨᠤᠮ ᠮᠦᠨ᠃ ᠳᠤᠰ ᠨᠤᠮ ᠨᠢ ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ ᠤᠨ ᠳᠤᠬᠠᠢ ᠦᠯᠡᠮᠵᠢ ᠭᠡᠮᠵᠢᠶᠡᠨ ᠤ ᠥᠯᠢᠭᠡᠷ ᠶᠠᠩᠵᠤ ᠳᠤ ᠰᠠᠭᠤᠷᠢᠯᠠᠵᠤ ᠪᠠᠢ᠌ᠭᠠᠤᠨ ᠨᠠᠯᠢᠶᠠᠤᠨ ᠰᠢᠰᠲ᠋ᠸᠮ ᠲᠡᠶ ᠥᠭᠦᠯᠡᠨ ᠰᠢᠠᠵᠢᠯᠠᠵᠤ᠂ ᠨᠠᠷᠢᠨ ᠳᠠᠨᠢᠯᠴᠠᠭᠤᠯᠵᠤ᠂ ᠨᠢᠮᠪᠠᠢ ᠳᠠᠢ᠌ᠯᠪᠣᠷᠢᠯᠠᠬᠤ ᠶᠢᠨ ᠳᠠᠭᠠᠤ ᠳᠤ ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ ᠲᠡᠶ ᠬᠤᠯᠪᠣᠭᠳᠠᠯ ᠪᠦᠭᠦᠢ ᠵᠠᠩ ᠣᠢ᠌ᠯᠠ ᠶᠢ ᠴᠤ ᠵᠤᠭᠢᠬᠤ ᠭᠡᠮᠵᠢᠶ᠎ᠡ ᠪᠠᠷ ᠳᠠᠭᠠᠯᠳᠤᠭᠤᠯᠤᠭᠰᠠᠨ ᠪᠠᠢ᠌ᠨ᠎ᠠ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠳᠤ ᠶᠠᠭᠤᠨ ᠤ ᠡᠮᠦᠨ᠎ᠡ ᠭᠦᠰᠢᠭᠦ᠂ ᠰᠢᠳᠡᠭᠦ᠂ ᠭᠦᠪᠦᠷᠢᠦᠡᠭᠦ᠂ ᠣᠯᠠᠯᠠᠬᠤ᠂ ᠬᠠᠪᠠᠬᠤ᠂ ᠣᠳᠠᠰᠤ ᠵᠠᠩᠭᠢᠤᠠᠬᠤ᠂ ᠰᠢᠷᠢᠭᠦ᠂ ᠣᠳᠠᠰᠤ ᠳᠠᠷᠤᠭᠤᠯᠬᠤ᠂ ᠨᠡᠪᠳᠡᠭᠡᠯᠡᠭᠦ᠂ ᠭᠤᠪᠣᠷᠠᠭᠤᠯᠬᠤ᠂ ᠯᠤᠭᠰᠢᠬᠤ᠂ ᠰᠢᠭᠯᠠᠬᠤ᠂ ᠳᠠᠭᠤᠴᠠᠬᠤ᠂ ᠣᠳᠠᠰᠤ ᠬᠠᠭᠠᠯᠵᠤ ᠣᠶᠤᠬᠤ ᠵᠡᠷᠭᠡ ᠶᠢᠨ ᠠᠷᠪᠠᠨ ᠳᠦᠷᠪᠡᠨ ᠵᠣᠢ᠌ᠯ ᠤᠨ ᠦᠨᠳᠦᠰᠦᠨ ᠣᠶᠤᠳᠠᠯ ᠤᠨ ᠠᠷᠭ᠎ᠠ ᠶᠢ ᠠᠷᠪᠠᠨ ᠳᠠᠪᠤᠨ ᠬᠤᠪᠢ ᠳᠠᠢ᠌ᠯᠪᠣᠷᠢ ᠵᠢᠷᠤᠭ᠂ ᠥᠯᠢᠭᠡᠷ ᠶᠠᠩᠵᠤ ᠬᠠᠪᠰᠤᠷᠭᠠᠵᠤ ᠪᠠᠢ᠌ᠭᠠᠤᠨ ᠠᠯᠬᠤᠮ ᠳᠠᠷᠠᠭ᠎ᠠ ᠲᠡᠶ ᠪᠠᠷ ᠳᠠᠢ᠌ᠯᠪᠣᠷᠢᠯᠠᠵᠤ ᠥᠭᠦᠯᠡᠵᠡᠢ᠃ ᠡᠨᠡ ᠠᠷᠪᠠᠨ ᠳᠦᠷᠪᠡᠨ ᠵᠣᠢ᠌ᠯ ᠤᠨ ᠦᠨᠳᠦᠰᠦᠨ ᠣᠶᠤᠳᠠᠯ ᠪᠣᠯ ᠶᠡᠷᠦᠩᠭᠡᠢ ᠳᠡᠭᠡᠨ ᠨᠠᠢ᠌ᠳᠠ ᠮᠤᠩᠭ᠋ᠤᠯ ᠣᠶᠤᠳᠠᠯ ᠳᠤ ᠳᠦᠭᠡᠮᠡᠯ ᠢᠯᠠᠷᠠᠵᠤ ᠪᠠᠢ᠌ᠬᠤ ᠣᠶᠤᠳᠠᠯ ᠪᠣᠯᠤᠨ᠎ᠠ᠃ ᠭᠡᠪᠠᠴᠤ ᠣᠷᠤᠨ ᠨᠤᠳᠤᠭ ᠤᠨ ᠭᠡᠯᠡ ᠶᠠᠷᠢᠶᠠᠨ ᠤ ᠣᠠᠴᠠᠯᠢᠭ ᠡᠴᠡ ᠪᠠᠨ ᠪᠣᠯᠵᠤ᠂ ᠵᠠᠷᠢᠮ ᠣᠶᠤᠳᠠᠯ ᠨᠢ ᠠᠳᠠᠯᠢ ᠪᠣᠰᠤ ᠶᠢᠨ ᠨᠠᠷᠠᠢ᠌ᠳᠤᠯ ᠲᠡᠶ ᠪᠠᠢ᠌ᠳᠠᠭ᠃ ᠵᠢᠱᠢᠶᠠᠯᠠᠪᠠᠯ᠂ ᠳᠤᠰ ᠨᠤᠮ ᠳᠤ ᠭᠠᠷᠳᠠᠭ ᠭᠦᠪᠦᠷᠢᠦᠡᠭᠦ ᠣᠶᠤᠳᠠᠯ ᠢ ᠵᠠᠷᠢᠮ ᠭᠠᠵᠠᠷ ᠣᠷᠤᠨ ᠳᠤ ᠭᠦᠪᠦᠷᠢᠰᠡᠭᠦ ᠭᠡᠵᠤ᠂ ᠣᠯᠠᠯᠠᠬᠤ ᠣᠶᠤᠳᠠᠯ ᠢ ᠭᠠᠳᠠᠭᠰᠢ ᠪᠠᠨ ᠣᠯᠠᠯᠠᠬᠤ ᠪᠠ ᠳᠤᠳᠤᠭᠰᠢ ᠣᠯᠠᠯᠠᠬᠤ ᠭᠡᠵᠤ᠂ ᠢᠯᠠ ᠬᠠᠪᠠᠬᠤ ᠪᠠ ᠳᠠᠯᠳᠠ ᠬᠠᠪᠠᠬᠤ ᠶᠢ ᠨᠠᠪᠳᠠ ᠬᠠᠪᠠᠬᠤ᠂ ᠳᠠᠳᠠᠭᠤ ᠬᠠᠪᠠᠬᠤ᠂ ᠳᠤᠳᠤᠭᠰᠢ ᠪᠠᠨ ᠬᠠᠪᠠᠬᠤ᠂ ᠭᠠᠳᠠᠭᠰᠢ ᠪᠠᠨ ᠬᠠᠪᠠᠬᠤ ᠭᠡᠵᠤ᠂ ᠳᠠᠭᠤᠴᠠᠵᠤ ᠣᠶᠤᠬᠤ ᠶᠢ ᠭᠦᠭᠡᠭᠡᠵᠤ ᠣᠶᠤᠬᠤ ᠭᠡᠭᠦ ᠮᠠᠳᠤ ᠪᠠᠷ ᠠᠳᠠᠯᠢ ᠪᠣᠰᠤ ᠪᠠᠷ ᠭᠡᠯᠡᠳᠡᠭ᠌ ᠪᠠᠢ᠌ᠨ᠎ᠠ᠃ ᠳᠠᠷᠠᠭ᠎ᠠ ᠳ᠋ᠤᠨᠢ᠂ ᠬᠠᠤᠠᠬᠤᠮᠠᠯ᠂ ᠨᠠᠭᠠᠮᠠᠯ᠂ ᠰᠠᠢ᠌ᠯᠤᠮᠠᠯ᠂ ᠣᠷᠢᠶᠠᠮᠠᠯ ᠵᠡᠷᠭᠡ ᠳᠦᠷᠪᠡᠨ ᠵᠣᠢ᠌ᠯ ᠤᠨ ᠣᠷᠠᠯᠠᠯ ᠢ ᠳᠤᠰ ᠳᠤᠰ ᠳᠤᠨᠢ ᠠᠯᠬᠤᠮ ᠳᠠᠷᠠᠭ᠎ᠠ ᠲᠡᠶ ᠠᠩᠭᠢᠯᠠᠨ ᠬᠤᠪᠢᠶᠠᠵᠤ᠂ ᠬᠤᠷᠢᠨ ᠭᠤᠷᠪᠠᠨ ᠬᠤᠪᠢ ᠳᠠᠢ᠌ᠯᠪᠣᠷᠢ ᠵᠢᠷᠤᠭ᠂ ᠥᠯᠢᠭᠡᠷ ᠶᠠᠩᠵᠤ ᠬᠠᠪᠰᠤᠷᠭᠠᠵᠤ ᠪᠠᠢ᠌ᠭᠠᠤᠨ ᠨᠠᠷᠢᠨ ᠨᠢᠭᠳᠠ ᠳᠠᠢ᠌ᠯᠪᠣᠷᠢᠯᠠᠵᠤ ᠳᠠᠨᠢᠯᠴᠠᠭᠤᠯᠵᠠᠢ᠃ ᠨᠠᠭᠠᠮᠠᠯ᠂ ᠬᠠᠤᠠᠬᠤᠮᠠᠯ᠂ ᠣᠷᠢᠶᠠᠮᠠᠯ᠂ ᠰᠠᠢ᠌ᠯᠤᠮᠠᠯ ᠪᠣᠯ ᠵᠠᠷᠤᠳ ᠣᠶᠤᠳᠠᠯ ᠣᠷᠠᠯᠠᠯ ᠪᠣᠶᠤ ᠴᠢᠨᠠᠭᠰᠢᠯᠠᠭᠠᠤᠨ ᠬᠤᠷᠴᠢᠨ ᠬᠤᠪᠴᠠᠰᠤ ᠵᠠᠰᠠᠯ᠂ ᠣᠢ᠌ᠯᠠ ᠣᠶᠤᠳᠠᠯ ᠤᠨ ᠬᠠᠮᠤᠭ ᠤᠨ ᠳᠤᠪᠣᠢ᠌ᠮ᠎ᠠ ᠦᠪᠡᠷᠮᠢᠴᠠ ᠣᠠᠴᠠᠯᠢᠭ ᠪᠣᠯᠤᠨ᠎ᠠ᠃ ᠬᠤᠷᠴᠢᠨ ᠬᠤᠪᠴᠠᠰᠤ ᠵᠠᠰᠠᠯ ᠨᠢ ᠣᠠᠴᠠᠭᠠᠢ᠌ᠯᠠᠨ ᠨᠠᠭᠠᠮᠠᠯ ᠬᠠᠤᠠᠬᠤᠮᠠᠯ ᠶᠢᠡᠷ ᠶᠢᠡᠨ ᠨᠠᠷ᠎ᠠ ᠭᠠᠷᠴᠤ ᠠᠯᠳᠠᠷᠰᠢᠭᠰᠠᠨ ᠶᠤᠮ᠃《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠳᠤ ᠨᠠᠭᠠᠮᠠᠯ᠂ ᠬᠠᠤᠠᠬᠤᠮᠠᠯ᠂ ᠣᠷᠢᠶᠠᠮᠠᠯ᠂ ᠰᠠᠢ᠌ᠯᠤᠮᠠᠯ ᠵᠡᠷᠭᠡ ᠶᠢᠨ ᠳᠦᠷᠪᠡᠨ ᠵᠣᠢ᠌ᠯ ᠤᠨ ᠣᠷᠠᠯᠠᠯ ᠤᠨ ᠠᠷᠭ᠎ᠠ ᠮᠡᠷᠭᠡᠵᠢᠯ ᠢ ᠨᠠᠷᠢᠯᠠᠭ ᠳᠠᠢ᠌ᠯᠪᠣᠷᠢᠯᠠᠭᠰᠠᠨ ᠨᠢ ᠵᠠᠷᠤᠳ ᠣᠢ᠌ᠯᠠ ᠣᠶᠤᠳᠠᠯ ᠪᠣᠶᠤ ᠬᠤᠷᠴᠢᠨ ᠣᠢ᠌ᠯᠠ ᠣᠶᠤᠳᠠᠯ ᠤᠨ ᠦᠪᠡᠷᠮᠢᠴᠠ ᠣᠠᠴᠠᠯᠢᠭ ᠢ ᠣᠯᠠᠮ ᠢᠯᠡᠭᠦᠤ ᠳᠡᠯᠭᠡᠷᠡᠭᠦᠯᠵᠤ ᠳᠤᠪᠣᠢ᠌ᠯᠭᠠᠬᠤ ᠳᠤ ᠳᠤᠩ ᠴᠢᠬᠤᠯᠠ ᠠᠴᠢ ᠬᠤᠯᠪᠣᠭᠳᠠᠯ ᠲᠡᠶ ᠪᠣᠯᠵᠠᠢ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠳᠤ ᠵᠠᠯᠭᠠᠭᠠᠤᠨ ᠭᠤᠳᠤᠯ᠂ ᠳᠠᠮᠠᠭᠢᠨ ᠣᠭᠤᠳᠠ᠂ ᠳᠡᠷᠯᠢᠭ᠌᠂ ᠴᠠᠮᠴᠠ᠂ ᠠᠷᠠᠰᠤᠨ ᠳᠠᠪᠠᠯ᠂ ᠰᠠᠩᠰᠠᠨ ᠳᠠᠪᠠᠯ᠂ ᠬᠤᠶᠠᠷ ᠬᠠᠮᠠᠷ ᠲᠡᠶ ᠱᠠᠬᠠᠢ᠂ ᠬᠠᠮ᠎ᠠ ᠱᠠᠬᠠᠢ᠂ ᠬᠠᠪᠳᠠᠭ᠎ᠠ ᠵᠡᠭᠦᠪᠴᠢ᠂ ᠴᠢᠠᠳᠠᠭᠠᠰᠤ᠂ ᠴᠢᠭᠢᠪᠴᠢ᠂ ᠮᠠᠬᠠᠢ᠂ ᠭᠡᠷ ᠥᠷᠦᠭᠡ ᠪᠠᠨ ᠵᠠᠰᠠᠵᠤ ᠴᠢᠮᠡᠭᠦ ᠵᠡᠷᠭᠡ ᠶᠢᠨ ᠠᠷᠪᠠᠨ ᠭᠤᠷᠪᠠᠨ ᠵᠣᠢ᠌ᠯ ᠤᠨ ᠬᠤᠪᠴᠠᠰᠤ ᠬᠤᠨᠠᠷ᠂ ᠡᠳ᠋ᠯᠡᠯ ᠵᠠᠰᠠᠯ ᠢ ᠪᠣᠳᠠᠳᠠᠢ ᠣᠶᠤᠬᠤ ᠠᠷᠭ᠎ᠠ ᠶᠢ ᠣᠢ᠌ᠯᠠ ᠣᠶᠤᠳᠠᠯ ᠤᠨ ᠬᠠᠷᠠᠭ᠎ᠠ ᠵᠤᠭᠰᠤᠴᠠ ᠡᠴᠡ ᠠᠷᠪᠠᠨ ᠬᠤᠶᠠᠷ ᠬᠤᠪᠢ ᠳᠠᠢ᠌ᠯᠪᠣᠷᠢ ᠵᠢᠷᠤᠭ ᠪᠣᠶᠤ ᠥᠯᠢᠭᠡᠷ ᠶᠠᠩᠵᠤ ᠬᠠᠪᠰᠤᠷᠭᠠᠨ ᠪᠠᠢ᠌ᠵᠤ᠂ ᠨᠠᠷᠢᠨ ᠨᠢᠭᠳᠠ ᠳᠠᠨᠢᠯᠴᠠᠭᠤᠯᠵᠤ ᠳᠠᠢ᠌ᠯᠪᠣᠷᠢᠯᠠᠵᠠᠢ᠃

ᠳᠠᠭᠢᠭᠠᠤᠨ ᠣᠢ᠌ᠯᠠ ᠣᠶᠤᠳᠠᠯ ᠤᠨ ᠣᠷᠠᠯᠠᠯ ᠢ ᠣᠯᠠᠮᠵᠢᠯᠠᠨ ᠰᠤᠷᠭᠠᠬᠤ ᠶᠤᠰᠤᠨ ᠪᠠ ᠭᠡ ᠣᠭᠠᠯᠵᠠ ᠶᠢᠨ ᠣᠷᠠᠯᠠᠯ ᠢ ᠬᠤᠶᠠᠷ ᠬᠤᠪᠢ ᠵᠢᠷᠤᠭ ᠬᠠᠪᠰᠤᠷᠭᠠᠨ ᠳᠠᠨᠢᠯᠴᠠᠭᠤᠯᠤᠭᠰᠠᠨ ᠶᠢᠡᠨ ᠨᠤᠮ ᠤᠨ ᠶᠢᠡᠨ ᠬᠠᠭᠠᠰ ᠢᠯᠡᠭᠦᠤ ᠬᠠᠭᠤᠳᠠᠰᠤ ᠨᠢᠭᠤᠷ ᠢ ᠭᠡᠷᠡᠭ᠍ᠰᠡᠵᠤ ᠪᠠᠢ᠌ᠭᠠᠤᠨ ᠨᠠᠢ᠌ᠳᠠ ᠬᠤᠶᠠᠷ ᠵᠠᠭᠤ ᠳᠦᠴᠢ ᠶ‍ᠢᠰᠤᠨ ᠬᠤᠪᠢ ᠭᠡ ᠣᠭᠠᠯᠵᠠ ᠶᠢᠨ ᠳᠠᠢ᠌ᠯᠪᠣᠷᠢ ᠵᠢᠷᠤᠭ ᠪᠣᠶᠤ ᠥᠯᠢᠭᠡᠷ ᠶᠠᠩᠵᠤ ᠶᠢ ᠨᠠᠷᠠᠯᠠᠨ ᠳᠠᠢ᠌ᠯᠪᠣᠷᠢᠯᠠᠵᠤ᠂ ᠬᠠᠮᠢᠭ᠎ᠠ᠂ ᠶᠠᠭᠠᠭᠢᠵᠤ ᠣᠶᠤᠵᠤ ᠣᠷᠠᠯᠠᠬᠤ ᠳ᠋ᠤᠨᠢ ᠭᠦᠷᠳᠡᠯ᠎ᠡ ᠳᠠᠨᠢᠯᠴᠠᠭᠤᠯᠵᠤ ᠦᠭ‍ᠭᠦᠭ᠍ᠰᠡᠨ ᠪᠠᠢ᠌ᠨ᠎ᠠ᠃ ᠡᠳᠡᠭᠡᠷ ᠪᠣᠯ ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ ᠤᠨ ᠳᠣᠢ᠌ᠯ ᠤᠨ ᠬᠤᠪᠣᠷ ᠴᠤᠬᠠᠭ ᠭᠡᠪ ᠶᠠᠩᠵᠤ ᠪᠣᠶᠤ ᠪᠣᠷᠤ ᠮᠠᠲ᠋ᠸᠷᠢᠶᠠᠯ ᠪᠣᠯᠤᠨ᠎ᠠ᠃ ᠡᠨᠡ ᠨᠢ ᠵᠠᠷᠤᠳ ᠮᠤᠩᠭ᠋ᠤᠯᠴᠤᠳ ᠤᠨ ᠣᠯᠠᠮᠵᠢᠯᠠᠯᠳᠤ ᠣᠶᠤᠳᠠᠯ ᠣᠷᠠᠯᠠᠯ ᠤᠨ ᠭᠡ ᠣᠭᠠᠯᠵᠠ ᠶᠢᠨ ᠣᠠᠴᠠᠯᠢᠭ ᠰᠢᠠᠵᠢ ᠶᠢ ᠨᠠᠯᠢᠶᠠᠤᠨ ᠳᠦᠪᠯᠡᠷᠡᠩᠭᠦᠢ ᠪᠠᠷ ᠬᠠᠷᠠᠭᠤᠯᠵᠤ ᠴᠢᠳᠠᠭᠰᠠᠨ ᠪᠠᠢ᠌ᠨ᠎ᠠ᠃ ᠳᠤᠰ ᠨᠤᠮ ᠳᠤ ᠪᠠᠰᠠ ᠵᠠᠷᠤᠳ ᠮᠤᠩᠭ᠋ᠤᠯᠴᠤᠳ ᠤᠨ ᠬᠤᠪᠴᠠᠰᠤ ᠵᠠᠰᠠᠯ᠂ ᠣᠶᠤᠳᠠᠯ ᠣᠷᠠᠯᠠᠯ ᠲᠡᠶ ᠬᠤᠯᠪᠣᠭᠳᠠᠯ ᠪᠦᠭᠦᠢ ᠬᠤᠷᠢᠨ ᠵᠢᠷᠭᠤᠭᠠᠨ ᠬᠤᠪᠢ ᠥᠩᠭᠡᠳᠤ ᠰᠡᠭᠦᠳᠡᠷ ᠢ ᠳᠠᠭᠠᠯᠳᠤᠭᠤᠯᠵᠤ᠂ ᠵᠠᠷᠤᠳ ᠬᠤᠪᠴᠠᠰᠤ ᠵᠠᠰᠠᠯ᠂ ᠣᠶᠤᠳᠠᠯ ᠣᠷᠠᠯᠠᠯ ᠤᠨ ᠭᠤᠸ᠎ᠠ ᠰᠠᠢ᠌ᠬᠠᠨ ᠢ ᠳᠡᠯᠭᠡᠨ ᠥᠵᠡᠭᠦᠯᠵᠡᠢ᠃《ᠮᠤᠩᠭ᠋ᠤᠯ ᠣᠶᠤᠳᠠᠯ ᠤᠨ ᠭᠡ ᠣᠭᠠᠯᠵᠠ ᠶᠢᠨ ᠡᠮᠭᠢᠦᠡᠭᠡᠯ》 ᠭᠡᠭᠦ ᠭᠠᠷ ᠪᠢᠴᠢᠮᠠᠯ ᠨᠤᠮ ᠳᠤ ᠮᠦᠨ ᠭᠦ ᠵᠠᠭᠤ ᠢᠯᠡᠭᠦᠤ ᠭᠡ ᠣᠭᠠᠯᠵᠠ ᠶᠢ ᠣᠷᠤᠭᠤᠯᠤᠭᠰᠠᠨ ᠪᠣᠯᠪᠠᠴᠤ ᠳᠤᠰ ᠨᠤᠮ ᠤᠨ ᠰᠢᠭ ᠨᠠᠷᠢᠨ ᠨᠢᠭᠳᠠ ᠨᠠᠷᠠᠯᠠᠵᠤ ᠳᠠᠢ᠌ᠯᠪᠣᠷᠢᠯᠠᠭᠰᠠᠨ ᠦᠭᠡᠶ᠃ ᠵᠥᠪᠭᠡᠨ ᠥᠯᠢᠭᠡᠷ ᠵᠢᠷᠤᠭ ᠪᠣᠯᠤᠨ᠎ᠠ᠃ ᠡᠢ᠌ᠮᠤ ᠡᠴᠡ《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠪᠣᠯ ᠳᠤᠩ ᠬᠤᠪᠣᠷ ᠭᠡᠷᠡᠭᠯᠡᠭᠡᠨ ᠤ ᠴᠢᠨᠠᠷ ᠲᠡᠶ ᠨᠤᠮ ᠮᠦᠨ᠃

《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠪᠣᠯ ᠡᠮᠡᠭ᠍ᠳᠡᠢ ᠣᠷᠠᠨ ᠣᠶᠤᠳᠠᠯᠴᠢᠨ ᠡᠴᠡ ᠣᠢ᠌ᠯᠠ ᠣᠶᠤᠳᠠᠯ ᠤᠨ ᠳᠤᠰᠬᠠᠢ ᠵᠤᠭᠰᠤᠴᠠ ᠪᠣᠶᠤ ᠳᠤᠰᠬᠠᠢ ᠠᠵᠢᠯ ᠮᠡᠷᠭᠡᠵᠢᠯ ᠤᠨ ᠬᠠᠷᠠᠭᠠᠰᠤ ᠡᠴᠡ ᠭᠠᠷᠳᠠᠨ ᠪᠢᠴᠢᠭ᠍ᠰᠡᠨ ᠣᠶᠤᠳᠠᠯ ᠣᠷᠠᠯᠠᠯ ᠤᠨ ᠳᠤᠬᠠᠢ ᠬᠤᠪᠣᠷ ᠨᠠᠠᠳᠢᠨ ᠨᠤᠮ ᠪᠣᠯᠤᠨ᠎ᠠ᠃ ᠡᠨᠡ ᠨᠢ ᠵᠠᠩ ᠣᠢ᠌ᠯᠠ ᠪᠣᠶᠤ ᠰᠤᠶᠤᠯ ᠰᠤᠳᠤᠯᠤᠯ ᠤᠨ ᠰᠢᠡᠵᠢᠯᠡᠭᠡᠨ ᠤ ᠡᠭᠦᠳᠡᠨ ᠡᠴᠡ ᠡᠷᠡᠭ᠍ᠳᠡᠢ᠌ᠴᠦᠳ ᠤᠨ ᠪᠢᠴᠢᠭ᠍ᠰᠡᠨ ᠨᠤᠮ ᠲᠡᠶ ᠦᠰᠦᠳ ᠥᠭᠡᠷ᠎ᠡ ᠢᠯᠭᠠᠭ᠎ᠠ ᠲᠡᠶ ᠪᠣᠯᠵᠤ ᠴᠢᠳᠠᠵᠠᠢ᠃ ᠳᠤᠰ ᠨᠤᠮ ᠤᠨ ᠪᠠᠰᠠ ᠨᠢᠭᠡ ᠣᠠᠴᠠᠯᠢᠭ ᠭᠡᠪᠠᠯ᠄ ᠵᠠᠷᠤᠳ ᠮᠤᠩᠭ᠋ᠤᠯᠴᠤᠳ ᠤᠨ ᠡᠭᠡᠯ ᠠᠷᠠᠤᠨ ᠤᠨ ᠡᠳ᠋ᠯᠡᠭᠡ ᠳᠤ ᠳᠦᠭᠡᠮᠡᠯ ᠭᠡᠷᠡᠭᠯᠡᠭ᠍ᠳᠡᠵᠤ ᠪᠠᠢ᠌ᠭᠰᠠᠨ ᠣᠶᠤᠳᠠᠯ ᠣᠷᠠᠯᠠᠯ ᠢ ᠣᠷᠮᠠᠳᠠᠢ ᠰᠠᠢ᠌ᠬᠠᠨ ᠳᠠᠨᠢᠯᠴᠠᠭᠤᠯᠵᠤ ᠳᠠᠢ᠌ᠯᠪᠣᠷᠢᠯᠠᠭᠰᠠᠨ ᠳᠤ ᠣᠷᠤᠰᠢᠨ᠎ᠠ᠃ ᠳᠤᠰ ᠨᠤᠮ ᠳᠠᠭᠠᠨ ᠶᠠᠮᠠᠷ ᠥᠩᠭᠡ ᠳᠤ ᠶᠠᠮᠠᠷ ᠭᠡ ᠣᠭᠠᠯᠵᠠ᠂ ᠶᠠᠮᠠᠷ ᠬᠤᠸᠠᠷ ᠵᠢᠷᠤᠭ ᠢ ᠶᠠᠮᠠᠷ ᠶᠠᠮᠠᠷ ᠥᠩᠭᠡ ᠶᠢᠨ ᠳᠤᠷᠭᠠᠨ ᠣᠳᠠᠰᠤ ᠪᠠᠷ ᠶᠠᠭᠠᠭᠢᠵᠤ ᠬᠠᠤᠠᠬᠤᠪᠠᠯ ᠣᠯᠠᠮ ᠢᠯᠡᠭᠦᠤ ᠢᠯᠠ ᠲᠡᠶ ᠪᠣᠯᠬᠤ᠂ ᠶᠠᠮᠠᠷ ᠵᠥᠭ᠌ ᠲᠤ ᠭᠡᠷᠭᠢᠨ ᠭᠦᠭ᠍ᠵᠢᠭᠦᠯᠪᠠᠯ ᠵᠤᠭᠢᠬᠤ ᠡᠰᠡᠭᠦ ᠭᠡᠭᠦ ᠮᠠᠳᠤᠴᠢᠯᠠᠨ ᠦᠪᠡᠷ ᠤᠨ ᠬᠠᠮᠤᠭ ᠤᠨ ᠰᠠᠢ᠌ᠨ ᠮᠡᠳᠡᠳᠡᠭ᠌ ᠵᠣᠢ᠌ᠯ ᠶᠢᠡᠨ ᠣᠯᠠᠮ ᠨᠢᠭᠡ ᠠᠯᠬᠤᠮ ᠳᠠᠨᠢᠯᠴᠠᠭᠤᠯᠵᠤ ᠳᠠᠢ᠌ᠯᠪᠣᠷᠢᠯᠠᠭᠰᠠᠨ ᠶᠤᠮ ᠪᠣᠯ ᠭᠡᠷᠡᠭᠯᠡᠭ᠍ᠴᠢᠳ ᠲᠤ ᠨᠠᠩ ᠢᠯᠡᠭᠦᠤ ᠣᠯᠵᠠ ᠠᠰᠢᠭ ᠲᠡᠶ ᠪᠣᠯᠬᠤ ᠰᠢᠭ ᠰᠠᠨᠠᠭᠳᠠᠨ᠎ᠠ᠃ ᠵᠢᠱᠢᠶᠠᠯᠠᠪᠠᠯ᠂ ᠳᠠᠮᠠᠭᠢᠨ ᠣᠭᠤᠳᠠ ᠶᠢᠨ ᠫᠢᠶᠤᠤᠳᠠᠢ ᠶᠢᠨ ᠬᠤᠶᠠᠷ ᠳᠠᠯ᠎ᠠ ᠶᠢᠨ ᠥᠩᠭᠡ ᠨᠢ ᠠᠳᠠᠯᠢ ᠥᠩᠭᠡ ᠲᠡᠶ ᠪᠠᠢ᠌ᠵᠤ ᠪᠣᠯᠤᠨ᠎ᠠ᠂ ᠠᠳᠠᠯᠢ ᠪᠣᠰᠤ ᠥᠩᠭᠡ ᠲᠡᠶ ᠴᠤ ᠪᠠᠢ᠌ᠵᠤ ᠪᠣᠯᠤᠨ᠎ᠠ᠂ ᠳᠡᠭᠡᠷ᠎ᠡ ᠨᠢ ᠭᠡ ᠣᠭᠠᠯᠵᠠ ᠮᠠᠳᠤ ᠶᠢ ᠣᠷᠠᠯᠠᠵᠤ ᠣᠶᠤᠭᠰᠠᠨ ᠴᠤ ᠪᠣᠯᠤᠨ᠎ᠠ᠃ ᠫᠢᠶᠤᠤᠳᠠᠢ ᠶᠢᠨ ᠶᠢᠡᠨ ᠬᠤᠤᠰ ᠪᠦᠰ ᠶᠢᠡᠨ ᠥᠩᠭᠡ ᠶᠢ ᠨᠢ ᠨᠠᠭᠠᠯᠳᠤᠭᠤᠯᠵᠤ ᠬᠠᠪᠰᠤᠷᠴᠤ ᠣᠶᠤᠭᠰᠠᠨ ᠤ ᠪᠠᠨ ᠳᠠᠷᠠᠭ᠎ᠠ ᠣᠷᠪᠠᠭᠤᠯᠤᠨ᠎ᠠ ᠭᠡᠭᠦ ᠮᠠᠳᠤ ᠪᠠᠷ ᠦᠪᠡᠷ ᠤᠨ ᠶᠠᠷᠤ ᠳᠡᠭᠡᠨ ᠰᠠᠢ᠌ᠨ ᠮᠡᠳᠡᠳᠡᠭ᠌ ᠣᠶᠤᠳᠠᠯ ᠣᠷᠠᠯᠠᠯ ᠤᠨ ᠠᠷᠭ᠎ᠠ ᠮᠡᠷᠭᠡᠵᠢᠯ ᠶᠢᠡᠨ ᠭᠡᠭᠡᠭᠡᠵᠤ ᠣᠷᠭᠢᠭᠳᠠᠭᠤᠯᠤᠯ ᠦᠭᠡᠶ ᠪᠠᠷ ᠢᠯᠡᠭᠦᠭᠡᠨ ᠶᠠᠷᠢᠵᠤ ᠦᠭ‍ᠭᠦᠭ᠍ᠰᠡᠨ ᠶᠤᠮ ᠪᠣᠯ ᠭᠡᠷᠡᠭᠯᠡᠭ᠍ᠴᠢᠳ ᠲᠤ ᠨᠠᠩ ᠢᠯᠡᠭᠦᠤ ᠣᠢ᠌ᠯᠠᠭᠠᠮᠵᠢᠳᠠᠢ ᠳᠦᠭᠦᠮ ᠪᠣᠯᠤᠨ᠎ᠠ᠃ ᠣᠠᠴᠠᠭᠠᠢ᠌ᠯᠠᠨ ᠵᠠᠷᠤᠳ ᠮᠤᠩᠭ᠋ᠤᠯᠴᠤᠳ ᠤᠨ ᠣᠯᠠᠮᠵᠢᠯᠠᠯᠳᠤ ᠣᠶᠤᠳᠠᠯ ᠣᠷᠠᠯᠠᠯ ᠢ ᠰᠤᠷᠴᠤ ᠡᠵᠡᠮᠰᠢᠭ᠍ᠴᠢᠳ ᠲᠤ ᠰᠤᠷᠬᠤ ᠪᠢᠴᠢᠭ᠌ ᠤᠨ ᠠᠴᠢ ᠳᠤᠰᠠ ᠶᠢ ᠣᠯᠠᠮ ᠭᠦᠢᠴᠡᠳ ᠭᠦᠷᠳᠡᠭᠡᠵᠤ ᠴᠢᠳᠠᠨ᠎ᠠ᠃

ᠣᠳᠤ ᠪᠣᠯ ᠠᠷᠠᠤᠨ ᠤᠨ ᠣᠷᠠᠯᠢᠭ ᠢ ᠣᠠᠴᠠᠯᠠᠨ ᠴᠢᠬᠤᠯᠠᠴᠢᠯᠠᠵᠤ᠂ ᠬᠠᠮᠠᠭᠠᠯᠠᠵᠤ ᠭᠢᠮᠠᠭᠠᠳᠠᠵᠤ ᠪᠠᠢ᠌ᠬᠤ ᠠᠵᠠᠳᠠᠢ ᠰᠠᠢ᠌ᠬᠠᠨ ᠴᠠᠭ ᠦᠶ᠎ᠡ ᠪᠣᠯᠤᠨ᠎ᠠ᠃ ᠡᠢ᠌ᠮᠤ ᠡᠴᠡ ᠪᠢᠳᠠ ᠡᠨᠡ ᠭᠦ ᠬᠤᠪᠣᠷ ᠨᠠᠠᠳᠢᠨ ᠠᠵᠠ ᠲᠤᠬᠢᠶᠠᠯ ᠢ ᠠᠯᠳᠠᠯ ᠦᠭᠡᠶ ᠠᠰᠢᠭᠯᠠᠵᠤ᠂ ᠠᠷᠠᠤᠨ ᠤᠨ ᠳᠤᠮᠳᠠ ᠣᠯᠠᠮᠵᠢᠯᠠᠭᠳᠠᠵᠤ ᠪᠠᠢ᠌ᠬᠤ ᠦᠨᠢᠷ ᠪᠠᠶᠠᠯᠢᠭ ᠦᠪ ᠰᠤᠶᠤᠯ ᠶᠢᠡᠨ ᠦᠷᠦᠴᠠ ᠵᠢᠷᠦᠭᠡᠨ ᠡᠴᠡ ᠪᠠᠨ ᠨᠠᠠᠳᠢᠩᠨᠠᠨ ᠬᠠᠢ᠌ᠷᠠᠯᠠᠵᠤ᠂ ᠵᠠᠯᠭᠠᠮᠵᠢᠯᠠᠵᠤ ᠭᠦᠭ᠍ᠵᠢᠭᠦᠯᠵᠤ ᠠᠪᠬᠤ ᠭᠡᠷᠡᠭ᠍ᠳᠡᠢ᠃ ᠢᠩᠭᠢᠵᠤ ᠪᠣᠳᠤᠬᠤ ᠳᠤ ᠰᠠᠷᠵᠢᠮ᠎ᠠ ᠪᠠᠭᠰᠢ ᠶᠢᠨ《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠤᠨ ᠭᠡᠪᠯᠡᠭ᠍ᠳᠡᠭ᠍ᠰᠡᠨ ᠨᠢ ᠶᠠᠭ ᠯᠠ ᠣᠯᠠᠮᠵᠢᠯᠠᠯᠳᠤ ᠣᠷᠠᠯᠠᠯ ᠤᠨ ᠦᠶ᠎ᠡ ᠵᠠᠯᠭᠠᠭᠰᠠᠨ ᠦᠯᠵᠡᠢ ᠵᠠᠩᠭᠢᠶ᠎ᠠ ᠰᠢᠭ ᠵᠦᠩᠨᠠᠯ ᠳᠢ ᠬᠠᠷᠠᠭᠳᠠᠨ᠎ᠠ᠃ 《ᠵᠠᠷᠤᠳ ᠮᠤᠩᠭ᠋ᠤᠯᠴᠤᠳ ᠤᠨ ᠣᠶᠤᠳᠠᠯ ᠣᠷᠯᠠᠯ》 ᠨᠢ ᠵᠠᠷᠤᠳ ᠰᠤᠶᠤᠯ ᠤᠨ ᠵᠠᠯᠭᠠᠮᠵᠢᠯᠠᠯ ᠰᠢᠨᠠᠴᠢᠯᠠᠯ ᠪᠣᠶᠤ ᠴᠢᠨᠠᠭᠰᠢᠯᠠᠭᠠᠤᠨ ᠮᠤᠩᠭ᠋ᠤᠯ ᠭᠤᠶᠤᠯᠠᠯ ᠰᠤᠶᠤᠯ ᠤᠨ ᠭᠦᠭ᠍ᠵᠢᠯᠳᠡ ᠳᠠᠪᠰᠢᠯᠳᠠ ᠭᠢᠭᠡᠤᠨ ᠳᠡᠯᠡᠭᠡᠢ᠌ᠵᠢᠯᠳᠡ ᠳᠤ ᠡᠷᠭᠢᠮ ᠨᠠᠠᠳᠢᠨ ᠦᠨ᠎ᠡ ᠥᠷᠳᠡᠭ᠌ ᠨᠡᠮᠡᠷᠢᠯᠡᠭᠦ ᠨᠢ ᠭᠠᠷᠴᠠᠭ᠎ᠠ ᠦᠭᠡᠶ ᠶᠤᠮ᠃

ᠬᠠᠶ‍ᠢᠭ᠄ ᠲᠦᠩᠯᠢᠶᠤᠤ ᠬᠤᠳᠠ ᠶᠢᠨ ᠣᠤᠠᠬ᠎ᠠ ᠵᠤᠬᠢᠶᠠᠯ ᠣᠷᠠᠯᠢᠭ ᠰᠤᠳᠤᠯᠬᠤ ᠭᠠᠵᠠᠷ


ᠵᠤᠬᠢᠶᠠᠭᠴᠢ᠄ ᠪᠤᠷᠵᠢᠭᠢᠨ ᠰᠠᠢ᠌ᠨᠪᠠᠶᠠᠷ
ᠢᠷᠡᠯᠲᠡ᠄ ᠲᠤᠰ ᠰᠦᠯᠵᠢᠶ᠎ᠡ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12099
ᠴᠠᠭ᠄ 2006 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ