☆ ᠰᠤ᠋·ᠦᠨᠡᠠᠴᠢ
ᠳᠠᠷᠠ ᠬᠤᠯᠠ ᠶᠢᠨ ᠪᠠᠷ᠎ᠠ
ᠳᠠᠷᠠ ᠬᠤᠯᠠ ᠶᠢᠨ ᠪᠠᠷ᠎ᠠ
ᠵᠡᠷᠭᠡᠯᠭᠡᠡᠳᠦᠵᠤ ᠬᠠᠷᠠᠭᠳᠠᠨ᠎ᠠ
ᠳᠡᠮᠡᠭᠡᠨ ᠵᠢᠩ ᠤᠨ ᠳᠠᠭᠤᠨ
ᠵᠡᠭᠦᠳᠤᠨ ᠳᠤ ᠬᠤᠯᠠᠳᠠᠨ᠎ᠠ
ᠳᠡᠷᠭᠡᠯᠰᠢᠵᠤ ᠳᠡᠢ᠌ᠯᠦᠭᠡ ᠦᠭᠡᠶ ᠣᠨᠠᠭᠠᠨ ᠪᠠᠭ᠎ᠠ ᠶᠢᠨ ᠵᠡᠭᠦᠳᠤ
ᠳᠠᠷᠠ ᠬᠤᠯᠠ ᠶᠢᠨ ᠡᠯᠡᠰᠤᠨ ᠤ ᠭᠦᠨ ᠳᠤ ᠪᠣᠯᠠᠭᠳᠠᠪᠠ
ᠳᠡᠷᠯᠢᠭ᠌ ᠤᠨ ᠡᠩᠭᠡᠷ ᠡᠴᠡ ᠳᠠᠰᠤᠷᠠᠵᠤ ᠣᠨᠠᠭᠰᠠᠨ ᠳᠤᠪᠴᠢ
ᠳᠡᠭ᠍ᠷᠢ ᠳᠤᠯᠤᠭᠰᠠᠨ ᠰᠠᠯᠭᠢ ᠪᠣᠯᠵᠤ ᠰᠢᠭᠤᠷᠪᠠ
ᠳᠡᠭ᠍ᠷᠢ ᠳᠡᠭᠡᠷ᠎ᠡ ᠡᠴᠡ ᠪᠣᠤᠪᠣ ᠣᠨᠠᠬᠤ ᠶᠢ ᠭᠦᠯᠢᠶᠡᠵᠤ
ᠳᠠᠮᠤᠵᠢᠨ ᠢ ᠳᠤᠷᠠᠰᠴᠤ ᠵᠡᠭᠦᠷᠮᠡᠭᠯᠡᠵᠤ ᠰᠠᠭᠤᠬᠤ ᠥᠭᠡᠢ
ᠳᠡᠯᠡᠭᠡᠢ ᠳ᠋ᠠᠭᠢᠨ ᠢ ᠭᠠᠭᠴᠠᠭᠠᠷ ᠡᠵᠡᠷᠭᠡᠭ᠍ᠰᠡᠨ ᠦᠨᠳᠦᠰᠦᠳᠠᠨ ᠭᠡᠵᠤ
ᠳᠡᠦᠭᠡ ᠪᠠᠨ ᠭᠠᠢ᠌ᠬᠠᠭᠤᠯᠵᠤ ᠬᠤᠭᠤᠰᠤᠨ ᠰᠤᠷᠳᠤᠭᠤᠯᠬᠤ ᠥᠭᠡᠢ
ᠳᠠᠷᠠ ᠪᠦᠭᠦᠨ ᠳᠡᠦᠭᠡ ᠶᠤᠮ
ᠳᠡᠷᠳᠡᠭᠡ ᠬᠤᠯᠠ ᠶᠢᠨ ᠪᠠᠷ᠎ᠠ ᠶᠤᠮ
ᠪᠦᠷ ᠡᠷᠳᠡᠨ ᠤ ᠳᠡᠦᠭᠡ ᠶᠤᠮ
ᠪᠦᠳᠡᠭᠡᠢ᠌ᠷᠡᠵᠤ ᠬᠠᠷᠠᠭᠳᠠᠬᠤ ᠪᠠᠷ᠎ᠠ ᠶᠤᠮ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ