ᠨᠡᠪᠲᠡᠷᠡᠨ ᠤᠷᠤᠬᠤ
ᠡᠷᠳᠡᠨᠢᠪᠤᠯᠠᠭ ᠤᠨ ᠰᠢᠷᠭ᠎ᠠ ᠶᠢᠨ ᠵᠢᠯᠠᠭ᠎ᠠ ᠳ᠋ᠤ

ᠭᠡᠷᠪᠡ ᠨᠢᠭᠡ ᠰᠠᠭᠤᠷᠢ ᠮᠤᠳᠤ ᠨᠢ ᠭᠤᠤᠯ ᠤᠨ ᠭᠦᠪᠠᠭᠡᠨ ᠳᠡᠭᠡᠷ᠎ᠡ ᠣᠷᠭᠤᠭᠰᠠᠨ ᠪᠣᠯ ᠳᠠᠷᠠ ᠨᠢ ᠡᠳᠦᠷ ᠰᠦᠨᠢ ᠶᠢᠨ ᠬᠤᠪᠢᠨ ᠳᠤ ᠴᠢᠭᠢᠭ᠌ ᠰᠢᠮ᠎ᠠ ᠶᠢ ᠭᠦᠷᠳᠡᠨ᠎ᠡ᠃ ᠡᠭᠦᠨ ᠢ ᠳᠡᠭᠦᠨ ᠤ ᠠᠵᠠ ᠵᠠᠪᠰᠢᠶᠠᠨ ᠭᠡᠵᠤ ᠭᠡᠯᠡᠨ᠎ᠡ᠃

ᠭᠡᠷᠪᠡ ᠨᠢᠭᠡ ᠳᠤᠰᠬᠤᠨ ᠨᠢ ᠶᠠᠭ ᠰᠠᠢ᠌ᠬᠠᠨ ᠣᠷᠭᠢᠯᠠᠬᠤ ᠪᠣᠯᠠᠭ ᠤᠨ ᠳᠡᠷᠭᠡᠳᠡ ᠳᠤ ᠰᠠᠭᠤᠷᠢᠰᠢᠭᠰᠠᠨ ᠪᠣᠯ ᠳᠠᠷᠠ ᠨᠢ ᠦᠨᠢ ᠡᠭᠦᠷᠢᠳᠡ ᠪᠣᠷᠭᠢᠯᠬᠤ ᠣᠶᠠᠩᠭ᠋᠎ᠠ ᠶᠢ ᠰᠤᠨᠤᠰᠤᠨ᠎ᠠ᠃ ᠡᠨᠡ ᠪᠣᠯ ᠳᠡᠭᠦᠨ ᠤ ᠬᠤᠪᠢ ᠪᠣᠶᠠᠨ ᠮᠦᠨ᠃

ᠵᠠᠷᠤᠳ ᠬᠤᠰᠢᠭᠤᠨ ᠤ ᠣᠯᠠᠭᠠᠠᠬᠠᠳᠠ ᠰᠤᠮᠤᠨ ᠤ ᠡᠷᠳᠡᠨᠢᠪᠤᠯᠠᠭ ᠭᠠᠴᠠᠭ᠎ᠠ ᠪᠣᠯ ᠶᠠᠭ ᠰᠠᠢ᠌ᠬᠠᠨ ᠡᠢ᠌ᠮᠦᠷᠭᠦ ᠬᠤᠪᠢ ᠪᠣᠶᠠᠨ ᠲᠡᠶ ᠠᠢ᠌ᠯ ᠳᠤᠰᠬᠤᠨ ᠪᠣᠯᠬᠤ ᠶᠤᠮ᠃ ᠡᠨᠡ ᠣᠷᠤᠨ ᠳᠤ ᠣᠯᠵᠤ ᠵᠠᠶᠠᠭᠠᠭᠰᠠᠨ ᠭᠦᠮᠤᠨ ᠴᠤ ᠶᠤᠰᠤᠳᠠᠢ ᠳᠤᠰ ᠪᠠᠶ᠎ᠠ ᠶᠢᠨ ᠭᠢᠨ ᠠᠵᠠ ᠵᠠᠪᠰᠢᠶᠠᠨ᠂ ᠬᠤᠪᠢ ᠪᠣᠶᠠᠨ ᠪᠣᠯᠬᠤ ᠪᠢᠯᠠ ︕ ᠳᠠᠷᠠ ᠨᠢ ᠭᠡᠳᠥᠢᠪᠠᠷ ᠳᠠᠮᠠᠢ ᠦᠷᠭᠡᠨ ᠪᠢᠰᠢ ᠬᠠᠪᠴᠢᠯ ᠵᠢᠯᠠᠭ᠎ᠠ ᠲᠡᠶ ᠨᠡᠢ᠌ᠳᠡᠯᠢᠭ᠌ ᠴᠢᠨᠠᠷ ᠲᠡᠶ ᠠᠭᠤᠯᠠᠷᠬᠠᠭ ᠣᠷᠤᠨ ᠭᠡᠳᠡᠭ᠌ ᠪᠣᠯᠪᠠᠴᠤ ᠳᠠᠷᠠ ᠪᠠᠶ᠎ᠠ ᠪᠠᠷ ᠶᠢᠡᠨ ᠨᠢᠭᠡ ᠵᠤᠷᠪᠣᠰ ᠡᠭᠡ ᠪᠠᠢ᠌ᠭᠠᠯᠢ ᠶᠢᠨ ᠠᠰᠢᠭ ᠰᠢᠮᠠᠳᠤ ᠬᠠᠪᠴᠢᠯ ᠪᠣᠯᠬᠤ ᠶᠤᠮ᠃ ᠨᠠᠩ ᠢᠯᠠᠩᠭ᠋ᠤᠶ᠎ᠠ ᠳᠡᠷᠡᠭᠦ ᠳᠤᠭ᠎ᠠ ᠦᠭᠡᠶ ᠣᠯᠠᠨ ᠪᠣᠯᠠᠭ ᠤᠳ ᠤᠨ ᠳᠤᠩᠭ᠋ᠠᠯᠠᠭ ᠣᠰᠤᠨ ᠵᠢᠯ ᠤᠨ ᠳᠦᠷᠪᠠᠨ ᠣᠯᠠᠷᠢᠯ ᠶᠢᠡᠷ ᠡᠳᠦᠷ ᠰᠦᠨᠢ ᠶᠢᠨ ᠢᠯᠭᠠᠯ ᠦᠭᠡᠶ ᠣᠷᠭᠢᠯᠤᠨ ᠪᠣᠷᠭᠢᠯᠤᠨ᠂ ᠭᠤᠷᠴᠢᠭᠢᠨᠠᠨ ᠣᠷᠤᠰᠴᠤ ᠪᠠᠢ᠌ᠭ᠎ᠠ ᠨᠢ ᠶᠠᠭ ᠯᠠ ᠳᠤᠰ ᠳᠤᠰᠬᠤᠨ ᠤ ᠴᠢᠰᠤᠨ ᠰᠤᠳᠠᠯ ᠨᠢ ᠯᠤᠭᠰᠢᠵᠤ ᠪᠠᠢ᠌ᠭ᠎ᠠ ᠮᠠᠳᠤ᠃

ᠪᠢᠳᠠ ᠪᠠᠢ ᠠᠬ᠎ᠠ ᠶᠢᠨ ᠳᠠᠭᠠᠭᠤᠯᠭ᠎ᠠ ᠪᠠᠷ ᠳᠠᠪᠤᠨ ᠰᠠᠷ᠎ᠠ ᠶᠢᠨ ᠪᠠᠶᠠᠷ ᠤᠨ ᠡᠳᠦᠷ ᠢ ᠴᠤᠯᠤ ᠮᠠᠯᠵᠢᠬᠤ ᠣᠷᠤᠨ ᠳᠤ ᠣᠴᠢᠵᠤ ᠥᠩᠭᠡᠷᠡᠭᠦᠯᠭᠦ ᠵᠠᠪᠰᠢᠶᠠᠨ ᠣᠯᠤᠭᠰᠠᠨ ᠳᠤ ᠪᠠᠨ ᠭᠡᠮᠵᠢᠶᠡᠯᠡᠰᠢ ᠦᠭᠡᠶ ᠭᠦᠭ᠍ᠰᠡᠨ ᠪᠠᠶᠠᠷᠯᠠᠵᠤ ᠪᠠᠢ᠌ᠯ᠎ᠠ᠃

ᠬᠤᠰᠢᠭᠤᠨ ᠤ ᠣᠬᠠᠭᠤᠯᠬᠤ ᠭᠡᠯᠳᠡᠰ ᠤᠨ ᠳᠠᠷᠤᠭ᠎ᠠ ᠰᠢᠤᠢ ᠴᠠᠩ ᠴᠦᠨ ᠬᠠᠳᠤᠨ ᠲᠡᠶ ᠪᠠᠨ᠂ ᠰᠢᠤᠢ ᠳᠠᠷᠤᠭ᠎ᠠ ᠶᠢᠨ ᠬᠠᠳᠠᠮ ᠠᠪᠣ ᠨᠢ᠂ ᠬᠤᠳᠠ ᠶᠢᠨ ᠷᠠᠳᠢᠤ᠋ ᠳᠸᠯᠸᠢᠰ ᠬᠤᠷᠢᠶᠠᠨ ᠤ ᠨᠡᠷᠡᠦ᠌ᠭᠡᠢ ᠠᠪᠣᠭᠠᠢ ᠬᠠᠳᠤᠨ ᠲᠡᠶ ᠪᠠᠨ᠂ ᠨᠡᠷᠡᠦ᠌ᠭᠡᠢ ᠠᠪᠣᠭᠠᠢ ᠶᠢᠨ ᠨᠢᠭᠡ ᠰᠤᠪᠢᠯᠠᠭᠴᠢ ᠪᠦᠰᠡᠭᠦᠢ᠂ ᠤᠶᠤᠨᠭᠡᠷᠡᠯ ᠠᠪᠠᠬᠠᠢ ᠲᠦᠩᠯᠢᠶᠤᠤ ᠬᠤᠳᠠ ᠶᠢᠨ ᠠᠯᠢ ᠪᠠᠢ᠌ᠭᠤᠯᠤᠯᠭ᠎ᠠ ᠳᠤ ᠠᠯᠪᠠ ᠬᠠᠭᠠᠵᠤ ᠪᠠᠢ᠌ᠭ᠎ᠠ ᠶᠢ ᠠᠰᠠᠭᠤᠭᠰᠠᠨ ᠦᠭᠡᠶ᠂ ᠳᠠᠷᠬᠠᠨ ᠬᠤᠰᠢᠭᠤᠨ ᠤ ᠣᠷᠤᠨ ᠳᠤᠭ᠎ᠠ ᠶᠢᠨ ᠭᠠᠵᠠᠷ ᠤᠨ ᠡᠷᠭᠢᠯᠡᠭ᠍ᠴᠢ ᠪᠠᠢ ᠱᠤᠩᠬᠤᠷ᠂ ᠬᠤᠰᠢᠭᠤᠨ ᠤ ᠰᠤᠶᠤᠯ ᠤᠨ ᠳᠤᠪᠴᠢᠶᠠᠨ ᠤ ᠬᠠᠤᠯᠢ ᠭᠡᠷᠡᠭ᠍ᠵᠢᠭᠦᠯᠭᠦ ᠶᠡᠭᠡ ᠠᠩᠭᠢ ᠶᠢᠨ ᠣ·ᠳᠠᠷᠬᠠᠨ ᠵᠠᠯᠠᠭᠤ ᠲᠡᠶ ᠪᠢᠳᠠ ᠠᠷᠪᠠᠭᠤᠯᠠ ᠭᠤᠷᠪᠠᠨ ᠵᠢᠵᠢᠭ᠌ ᠮᠠᠰᠢᠨ ᠳᠡᠷᠭᠡᠨ ᠳᠤ ᠬᠤᠪᠢᠶᠠᠯᠴᠠᠨ ᠰᠠᠭᠤᠵᠤ 2012 ᠣᠨ ᠤ ᠪᠢᠯᠢᠭ᠌ ᠤᠨ ᠣᠯᠠᠷᠢᠯ ᠤᠨ ᠳᠠᠪᠤᠨ ᠰᠠᠷ᠎ᠠ ᠶᠢᠨ ᠳᠦᠷᠪᠠᠨ ᠤ ᠡᠳᠦᠷ᠂ ᠨᠡᠷᠡᠦ᠌ᠭᠡᠢ ᠠᠪᠣᠭᠠᠢ ᠶᠢᠨ ᠶᠡᠭᠡ ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠷᠤᠳ ᠬᠤᠰᠢᠭᠤᠨ ᠤ ᠣᠯᠠᠭᠠᠠᠬᠠᠳᠠ ᠰᠤᠮᠤ ᠶᠢᠨ ᠡᠷᠳᠡᠨᠢᠪᠤᠯᠠᠭ ᠳᠤᠰᠬᠤᠨ ᠳᠤ ᠪᠠᠶᠠᠷ ᠤᠨ ᠡᠳᠦᠷ ᠶᠢᠡᠨ ᠥᠩᠭᠡᠷᠡᠭᠦᠯᠭᠦ ᠪᠠᠷ ᠱᠸᠪᠠᠷᠳᠤ ᠪᠠᠯᠭᠠᠰᠤᠨ ᠤ ᠪᠠᠷᠠᠭᠤᠨ 304 ᠣᠯᠤᠰ ᠤᠨ ᠵᠠᠮ ᠳᠡᠭᠡᠷ᠎ᠡ ᠴᠡᠷᠢᠭ᠌ ᠨᠠᠢ᠌ᠯᠠᠵᠤ ᠮᠤᠷᠳᠠᠭᠰᠠᠨ ᠶᠤᠮ᠃

ᠯᠦᠪᠧᠢ ᠪᠠᠯᠭᠠᠰᠤ ᠪᠠᠷ ᠳᠠᠮᠵᠢᠨ ᠪᠠᠶᠠᠷᠳᠤᠬᠤᠰᠢᠭᠤ ᠪᠠᠯᠭᠠᠰᠤ ᠭᠦᠷᠦᠭᠡᠳ ᠶᠡᠭᠡ ᠵᠠᠮ ᠡᠴᠡ ᠪᠠᠭᠤᠵᠤ ᠨᠠᠷᠢᠨ ᠱᠣᠢ᠌ᠨᠢ ᠵᠠᠮ ᠶᠢᠡᠷ ᠵᠡᠭᠦᠨ ᠬᠣᠢ᠌ᠰᠢᠯᠠᠵᠤ ᠳᠦᠷᠪᠠᠨ ᠭᠡᠷ ᠰᠤᠮᠤ ᠢ ᠴᠢᠭᠯᠡᠭ᠍ᠰᠡᠨ ᠪᠢᠯᠠ ︕ ᠨᠠᠷᠢᠨ ᠱᠣᠢ᠌ᠨᠢ ᠵᠠᠮ ᠨᠢ ᠪᠠᠢ᠌ᠨ ᠪᠠᠢ᠌ᠨ ᠭᠡᠨᠡᠳᠲᠡ ᠡᠭ᠍ᠴᠡᠯᠢᠭ᠌ ᠬᠤᠩᠬᠤᠷ ᠥᠩᠭᠡᠷᠡᠳᠡᠭ᠌ ᠨᠢ ᠭᠡᠷᠪᠡ ᠰᠠᠢ᠌ᠨ ᠵᠢᠯᠤᠭᠤᠴᠢ ᠪᠢᠰᠢ᠂ ᠡᠰᠡᠭᠦᠯ᠎ᠡ ᠵᠠᠮ ᠤᠨ ᠪᠠᠢ᠌ᠴᠠ ᠮᠡᠳᠡᠭᠦ ᠦᠭᠡᠶ ᠵᠢᠯᠤᠭᠤᠴᠢ ᠪᠣᠯ ᠬᠤᠷᠳᠤᠴᠠ ᠪᠠᠨ ᠬᠠᠰᠤᠵᠤ ᠠᠮᠵᠢᠬᠤ ᠦᠭᠡᠶ ᠪᠣᠯᠵᠤ ᠭᠡᠢ ᠦᠰᠦᠷᠭᠡᠭᠦ ᠯᠠ ᠠᠶᠤᠯᠳᠠᠢ ᠪᠠᠢ᠌ᠯ᠎ᠠ᠃

ᠳᠦᠷᠪᠠᠨ ᠭᠡᠷ ᠳᠤᠰᠬᠤᠨ ᠭᠦᠷᠦᠭᠡᠳ ᠨᠠᠷᠢᠨ ᠱᠣᠢ᠌ᠨᠢ ᠵᠠᠮ ᠡᠴᠡ ᠡᠮᠦᠨᠡᠰᠢ ᠪᠠᠭᠤᠵᠤ ᠬᠠᠢ᠌ᠷ ᠴᠢᠯᠠᠭᠤᠨ ᠵᠠᠮ ᠶᠢᠡᠷ ᠳᠠᠮᠠᠢ ᠶᠠᠪᠣᠭᠰᠠᠨ ᠦᠭᠡᠶ ᠪᠠᠷᠠᠭᠤᠨ ᠡᠴᠡ ᠵᠡᠭᠦᠡᠰᠢ ᠣᠷᠤᠰᠬᠤ ᠬᠤᠤᠯᠢᠨ ᠭᠤᠤᠯ ᠮᠠᠨ ᠤ ᠵᠠᠮ ᠢ ᠬᠠᠰᠢᠯ᠎ᠠ᠃ ᠵᠢᠵᠢᠭ᠌ ᠮᠠᠰᠢᠨ ᠳᠡᠷᠭᠡ ᠠᠷᠪᠠᠨ ᠭᠡᠳᠤᠨ ᠮᠸᠲ᠋ᠷ ᠦᠷᠭᠡᠨ ᠭᠤᠤᠯ ᠢ ᠰᠢᠭᠤᠳ ᠭᠠᠳᠤᠯᠵᠤ ᠪᠣᠯᠬᠤ ᠦᠭᠡᠶ᠃ ᠭᠡᠷᠪᠡ ᠵᠠᠮ ᠳᠤ ᠨᠥᠭᠡ ᠭᠤᠤ ᠲᠡᠶ ᠪᠣᠶᠤ ᠪᠦᠳᠦᠭᠦᠨ ᠴᠢᠯᠠᠭᠤ ᠲᠡᠶ ᠪᠣᠯ ᠳᠡᠷᠭᠡ ᠡᠪᠳᠡᠷᠡᠭᠦ ᠠᠶᠤᠯ ᠲᠡᠶ᠃ ᠪᠠᠢ ᠡᠷᠭᠢᠯᠡᠭ᠍ᠴᠢ ᠪᠢᠳᠠ ᠭᠡᠳᠦᠭᠦᠯᠡ ᠱᠠᠬᠠᠢ ᠪᠠᠨ ᠳᠠᠢ᠌ᠯᠤᠨ᠂ ᠦᠮᠦᠳᠦᠨ ᠰᠢᠷᠬᠤᠨᠠᠭ ᠶᠢᠡᠨ ᠰᠢᠭᠤᠵᠤ ᠣᠰᠤᠨ ᠳᠤ ᠣᠷᠤᠭᠠᠤᠨ ᠵᠠᠮ ᠬᠠᠢ᠌ᠪᠠ᠃ ᠭᠤᠤᠯ ᠤᠨ ᠣᠷᠤᠰᠤᠯᠳᠠ ᠨᠠᠯᠢᠶᠠᠤᠨ ᠳᠤᠯᠭᠢᠨ ᠪᠠᠢ᠌ᠵᠤ᠂ ᠪᠠᠭ᠎ᠠ ᠯᠠ ᠵᠤᠭᠰᠤᠭᠰᠠᠭᠠᠷ ᠭᠦᠯ ᠤᠨ ᠣᠯᠠ ᠳᠤᠤᠷ᠎ᠠ ᠭᠦᠡᠳᠡᠢ᠌ᠷᠡᠵᠤ ᠴᠢᠮᠢ᠋ᠢ ᠣᠨᠠᠭᠠᠵᠤ ᠣᠷᠭᠢᠬᠤ ᠶᠤᠮ᠃ ᠭᠤᠤᠯ ᠤᠨ ᠣᠰᠤ ᠪᠦᠯᠢᠶᠡᠨ ᠳᠤᠩᠭ᠋ᠠᠯᠠᠭ ᠪᠦᠭᠡᠳ ᠭᠤᠷᠴᠢᠭᠢᠨᠠᠨ ᠣᠷᠤᠰᠴᠤ ᠪᠠᠢ᠌ᠨ᠎ᠠ᠃ ᠪᠢᠳᠠ ᠭᠡᠳᠦᠭᠦᠯᠡ ᠵᠠᠮ ᠶᠢᠡᠨ ᠰᠠᠢ᠌ᠬᠠᠨ ᠬᠠᠢ᠌ᠭᠠᠤᠨ᠂ ᠬᠠᠷᠰᠢ ᠪᠣᠯᠬᠤ ᠳᠤᠮᠤ ᠰᠢᠭ ᠴᠢᠯᠠᠭᠤ ᠶᠢ ᠳᠡᠭᠦᠵᠤ ᠵᠠᠮ ᠡᠴᠡ ᠵᠠᠢ᠌ᠯᠠᠭᠤᠯᠵᠤ ᠣᠷᠭᠢᠪᠠ᠃

ᠭᠤᠤᠯ ᠭᠡᠳᠦᠯᠡᠭᠡᠳ ᠵᠢᠵᠢᠭ᠌ ᠳᠡᠷᠭᠡᠳ ᠠᠭᠤᠯᠠ ᠶᠢᠨ ᠵᠢᠯᠠᠭ᠎ᠠ ᠪᠠᠷ ᠰᠢᠭᠤᠳ ᠡᠷᠳᠡᠨᠢᠪᠤᠯᠠᠭ ᠠᠢ᠌ᠯ ᠢ ᠴᠢᠭᠯᠡᠨ ᠳᠠᠪᠭᠢᠯ᠎ᠠ᠃ ᠵᠢᠯᠠᠭ᠎ᠠ ᠶᠢᠨ ᠬᠤᠶᠠᠷ ᠳᠠᠯ᠎ᠠ ᠪᠠᠷ ᠪᠦᠷ ᠦᠨᠳᠦᠷ ᠦᠨᠳᠦᠷ ᠠᠭᠤᠯᠠᠰ ᠦᠷᠭᠦᠯᠵᠢᠯᠡᠨ ᠰᠥᠡᠳᠡᠷᠯᠡᠭᠡᠳ᠂ ᠪᠦᠭᠦ ᠪᠠᠶ᠎ᠠ ᠳ᠋ᠤᠨᠢ ᠪᠠᠭ᠎ᠠ ᠪᠠᠶ᠎ᠠ ᠲᠡᠶ ᠭᠦᠢᠯᠡᠰᠤ᠂ ᠢᠯᠠᠮ᠎ᠠ ᠵᠡᠷᠭᠡ ᠶᠢᠨ ᠪᠣᠳᠠᠯᠢᠭ ᠮᠤᠳᠤᠳ ᠨᠤᠭᠤᠭᠠᠷᠠᠨ᠂ ᠠᠭᠤᠯᠠᠨ ᠪᠠᠶ᠎ᠠ ᠶᠢ ᠦᠪᠴᠢ ᠨᠤᠭᠤᠭᠠᠨ ᠶᠢᠡᠷ ᠬᠤᠶᠠᠭᠯᠠᠵᠤ᠂ ᠴᠠᠭᠠᠨ᠎ᠠ ᠨᠢ ᠬᠠᠷᠠᠭᠳᠠᠬᠤ ᠠᠭᠤᠯᠠ ᠶᠢᠨ ᠳᠤᠯᠤᠭᠠᠤᠨ ᠣᠯᠠᠮ ᠴᠠᠭᠠᠰᠢᠯᠠᠬᠤ ᠳᠤᠳᠤᠮ ᠨᠤᠭᠤᠭᠠᠨ ᠥᠩᠭᠡ ᠡᠴᠡ ᠪᠠᠨ ᠭᠦᠭᠡᠷᠡᠵᠤ᠂ ᠭᠦᠭᠡᠷᠡᠵᠤ ᠪᠠᠢ᠌ᠭᠰᠠᠨ ᠡᠴᠡ ᠪᠠᠨ ᠣᠨᠢᠶᠠᠷᠳᠤᠵᠤ ᠪᠣᠳᠤᠩᠳᠤᠭᠠᠤᠨ ᠬᠠᠷᠠᠭᠳᠠᠬᠤ ᠪᠠᠨ ᠪᠣᠯᠢᠨ᠎ᠠ᠃ ᠭᠦᠭᠡ ᠠᠭᠤᠯᠠ ᠶᠢᠨ ᠬᠤᠷᠮᠤᠢ ᠶᠢᠨ ᠨᠤᠭᠤᠭᠠᠨ ᠳᠠᠯ᠎ᠠ ᠲᠡᠶ ᠠᠭᠤᠯᠵᠠᠭᠰᠠᠨ ᠭᠡᠰᠡᠭ᠌ ᠲᠤ ᠶᠠᠩᠵᠤ ᠪᠦᠷᠢ ᠶᠢᠨ ᠦᠨᠳᠦᠷ ᠪᠠᠶ᠎ᠠ ᠲᠡᠶ ᠮᠤᠳᠤᠳ ᠰᠠᠬᠤᠯᠠᠭ ᠣᠷᠭᠤᠭᠰᠠᠨ ᠨᠢ ᠣᠠᠴᠠ ᠶᠢᠨ ᠰᠦᠷ ᠭᠡᠷᠡᠯᠳᠡᠢ᠃ ᠭᠡᠭᠦ ᠳᠤ ᠪᠠᠨ ᠵᠢᠯᠠᠭ᠎ᠠ ᠶᠢᠨ ᠬᠣᠢ᠌ᠳᠤ ᠪᠠᠶ᠎ᠠ ᠶᠢᠨ ᠠᠭᠤᠯᠠᠨ ᠤ ᠡᠮᠦᠨ᠎ᠡ ᠭᠢᠷ᠎ᠠ ᠳᠠᠭᠠᠭᠰᠠᠨ ᠬᠠᠢ᠌ᠷ ᠴᠢᠯᠠᠭᠤᠨ ᠵᠠᠮ ᠶᠢᠡᠷ ᠳᠠᠪᠭᠢᠭᠤᠯᠬᠤ ᠳᠤ ᠵᠢᠯᠠᠭ᠎ᠠ ᠶᠢᠨ ᠳᠤᠮᠳᠠᠭᠤᠷ ᠬᠠᠶᠠ ᠪᠣᠯᠠᠭ ᠪᠣᠰᠤᠨ ᠣᠷᠭᠢᠯᠵᠤ ᠪᠣᠷᠭᠢᠯᠤᠨ ᠨᠠᠷᠢᠨ ᠭᠤᠷᠤᠬ᠎ᠠ ᠪᠣᠯᠤᠨ ᠣᠷᠤᠰᠤᠭᠠᠤᠨ᠂ ᠭᠦᠮᠤᠨ ᠮᠠᠯ ᠤᠨ ᠨᠠᠢ᠌ᠳᠠ ᠶᠢᠨ ᠣᠮᠳᠠ ᠪᠣᠯᠤᠨ ᠥᠭ᠍‍ᠭᠢᠶᠡᠮᠦᠷᠯᠡᠵᠤ ᠪᠠᠢ᠌ᠭ᠎ᠠ ᠨᠢ ᠪᠢᠳᠠ ᠪᠦᠭᠦᠨ ᠳᠤ ᠭᠠᠢ᠌ᠬᠠᠯ ᠰᠤᠨᠢᠷᠬᠠᠯ᠂ ᠪᠢᠰᠢᠷᠠᠯ ᠪᠠᠬᠠᠳᠤᠯ ᠢ ᠳᠦᠷᠦᠭ᠍ᠳᠡᠭᠦᠯᠵᠤ ᠪᠢᠯᠠ ︕

ᠭᠤᠤᠯ ᠤᠨ ᠬᠤᠶᠠᠷ ᠡᠷᠭᠢ ᠶᠢᠨ ᠨᠤᠭᠤᠭᠠᠨ ᠳᠠᠯ᠎ᠠ ᠪᠠᠷ ᠬᠤᠨᠢ ᠢᠮᠠᠭᠠᠤᠨ ᠰᠦᠷᠦᠭᠯᠡᠨ ᠪᠠᠯᠴᠢᠵᠤ᠂ ᠴᠠᠳᠬᠤᠯᠠᠩ ᠥᠭᠡᠷ ᠤᠳ ᠠᠮᠤᠭᠤᠯᠠᠩ ᠭᠡᠪᠢᠨ ᠭᠡᠪᠳᠡᠭᠡᠳ᠂ ᠬᠠᠶᠠ ᠬᠠᠷᠠᠭᠳᠠᠬᠤ ᠠᠳᠤᠭᠤᠳ ᠴᠢᠭᠢ ᠰᠤᠯᠪᠢᠴᠠᠨ᠂ ᠬᠠᠮᠠᠷ ᠳᠤᠷᠴᠢᠭᠢᠨᠠᠭᠤᠯᠤᠨ ᠮᠠᠨ ᠤ ᠵᠥᠭ᠌ ᠰᠠᠷᠠᠮᠵᠢ ᠶᠢᠨ ᠬᠠᠷᠠᠴᠠ ᠭᠦᠶ‍ᠦᠯᠭᠡᠨ᠎ᠡ᠃

ᠡᠭᠡ ᠡᠴᠡ ᠪᠠᠨ ᠳᠦᠷᠦᠭ᠍ᠰᠡᠨ ᠡᠴᠡ ᠨᠠᠰᠢ ᠡᠯᠡᠰᠤᠨ ᠨᠤᠳᠤᠭ᠂ ᠮᠠᠩᠬ᠎ᠠ ᠵᠤ᠋ ᠡᠴᠡ ᠥᠭᠡᠷ᠎ᠡ ᠶᠠᠭᠤᠮ᠎ᠠ ᠣᠯᠵᠤ ᠥᠵᠡᠭ᠍ᠰᠡᠨ ᠦᠭᠡᠶ ᠪᠢᠳᠠ ᠰᠠ‍‌ᠶᠢ ᠨᠢᠳᠤ ᠨᠡᠭᠡᠭᠡᠵᠤ᠂ ᠮᠠᠨ ᠤ ᠮᠤᠩᠭ᠋ᠤᠯᠴᠤᠳ ᠤᠨ ᠦᠨᠳᠦᠷ ᠠᠭᠤᠯᠠ ᠰᠥᠭᠯᠥᠢᠭ᠍ᠰᠡᠨ᠂ ᠦᠷᠭᠡᠨ ᠳᠠᠯ᠎ᠠ ᠨᠡᠯᠥᠢᠭ᠍ᠰᠡᠨ᠂ ᠳᠤᠩᠭ᠋ᠠᠯᠠᠭ ᠪᠣᠯᠠᠭ ᠪᠣᠷᠭᠢᠯᠤᠭᠰᠠᠨ ᠡᠭᠡ ᠨᠤᠳᠤᠭ ᠭᠡᠳᠡᠭ᠌ ᠴᠢᠨᠢ ᠡᠢ᠌ᠮᠤ ᠯᠠ ᠭᠤᠶᠤᠬᠠᠨ ᠪᠠᠢ᠌ᠭᠰᠠᠨ ᠰᠠᠠᠵᠢ ᠭᠡᠵᠤ ᠦᠪᠡᠷ ᠤᠨ ᠡᠷᠭᠡ ᠦᠭᠡᠶ ᠱᠠᠭᠰᠢᠵᠠᠭᠠᠵᠠᠢ᠃

ᠭᠡᠷᠪᠡ ᠵᠠᠪ ᠲᠡᠶ ᠪᠣᠯᠤᠭᠰᠠᠨ ᠪᠣᠯ ᠳᠠᠷᠠ ᠠᠭᠤᠯᠠ ᠪᠠᠷ ᠡᠷ᠎ᠡ ᠰᠢᠯᠭᠠᠨ ᠮᠠᠴᠤᠵᠤ᠂ ᠡᠨᠡ ᠳᠠᠯ᠎ᠠ ᠪᠠᠷ ᠡᠷᠭᠡ ᠳᠤᠷ᠎ᠠ ᠪᠠᠷ ᠳᠤᠭᠯᠠᠨ᠂ ᠡᠨᠡᠭᠦ ᠪᠣᠯᠠᠭ ᠡᠴᠡ ᠪᠢᠳᠡᠭᠦᠯᠤᠨ ᠠᠪᠴᠤ ᠬᠠᠨᠤᠳᠠᠯ᠎ᠠ ᠣᠤᠭᠤᠬᠤ ᠶᠤᠮᠰᠠᠨ ︕

ᠬᠠᠭᠠᠰ ᠡᠳᠦᠷ ᠤᠨ ᠠᠶᠠᠨ ᠳᠤ ᠠᠮᠠᠷᠠᠭ᠎ᠠ ᠦᠭᠡᠶ ᠳᠠᠪᠭᠢᠭᠤᠯᠤᠭᠰᠠᠨ ᠪᠠᠭ᠎ᠠ ᠮᠠᠰᠢᠳ ᠡᠵᠡᠨ ᠶᠢᠡᠨ ᠰᠢᠭ᠌ ᠶᠠᠳᠠᠷᠠᠭᠰᠠᠨ ᠪᠣᠯᠤᠯᠳᠠᠢ ᠵᠤᠷᠢᠭᠰᠠᠨ ᠴᠡᠭ᠌ ᠲᠤ ᠪᠠᠨ ᠭᠦᠷᠭᠦ ᠪᠠᠷ ᠣᠯᠠᠮ ᠭᠦᠴᠦᠯᠡᠨ ᠳᠠᠪᠭᠢᠭᠤᠯᠤᠭᠰᠠᠭᠠᠷ ᠣᠷᠤᠭᠰᠢ ᠬᠣᠢ᠌ᠰᠢ ᠰᠤᠠᠵᠢᠷᠠᠭᠰᠠᠨ ᠵᠢᠯᠠᠭ᠎ᠠ ᠪᠠᠨ ᠲᠠᠭᠠᠨ ᠮᠤᠩᠭ᠋ᠤᠯ ᠨᠤᠳᠤᠭ ᠠᠭᠤᠳᠠᠮ ᠶᠤᠮ ᠡ ︕ ᠭᠡᠰᠡᠨ ᠮᠠᠶ‍ᠢᠭᠳᠠᠢ ᠡ᠊ᠨᠳᠡ ᠳᠠᠠᠳᠠ ᠳᠠᠷᠬᠠᠨ ᠰᠠᠭᠤᠯᠴᠠᠭᠰᠠᠨ ᠠᠢ᠌ᠯ ᠡᠷᠦᠭᠡ ᠲᠡᠶ ᠳᠤᠰᠬᠤᠨ ᠤ ᠬᠣᠢ᠌ᠨ᠎ᠠ ᠡᠴᠡ ᠨᠢ ᠳᠠᠯᠪᠢᠭᠠᠤᠨ ᠣᠷᠤᠯ᠎ᠠ᠃

ᠭᠦᠭᠡᠪᠳᠦᠷ ᠥᠩᠭᠡ ᠲᠡᠶ᠂ ᠣᠳᠠ ᠶᠢᠨ ᠨᠠᠪᠴᠢᠨ ᠪᠣᠰᠤᠭ᠎ᠠ ᠴᠢᠭᠢ ᠲᠡᠶ ᠪᠦᠳᠦᠭᠦᠨ ᠨᠤᠬᠠᠢ ᠬᠤᠯᠠ ᠡᠴᠡ ᠰᠤᠷᠠᠭ ᠠᠪᠣᠭᠰᠠᠨ ᠮᠠᠶ‍ᠢᠭᠳᠠᠢ ᠨᠠᠰᠢ ᠭᠦᠶᠤᠨ ᠢᠷᠡᠭᠦ ᠨᠢ ᠮᠠᠭᠤ ᠭᠦᠮᠤᠨ ᠢ ᠰᠡᠷᠭᠡᠢ᠌ᠯᠡᠭᠡᠳ ᠭᠡᠷᠴᠡᠭᠡᠢ᠌ᠯᠡᠨ ᠬᠤᠴᠠᠬᠤ ᠰᠢᠭ ᠪᠢᠰᠢ ᠬᠠᠷᠢᠨ ᠰᠠᠯᠤᠭᠠᠤᠨ ᠣᠳᠠᠭᠰᠠᠨ ᠡᠵᠡᠨ ᠶᠢᠡᠨ ᠣᠭᠳᠤᠬᠤ ᠮᠠᠶ‍ᠢᠭ ᠲᠡᠶ ᠵᠥᠭᠡᠯᠡᠨ ᠬᠤᠴᠠᠨ ᠭᠦᠶ‍ᠦᠭ᠍ᠰᠡᠭᠡᠷ ᠢᠷᠡᠭᠡᠳ ᠵᠢᠵᠢᠭ᠌ ᠮᠠᠰᠢᠨ ᠳᠡᠷᠭᠡ ᠶᠢ ᠦᠨᠦᠰᠴᠤ ᠪᠠᠢ᠌ᠬᠤ ᠰᠢᠭ ᠦᠨᠦᠷᠭᠢᠯᠠᠨ᠎ᠠ᠃ ᠡᠨᠡ ᠦᠶ᠎ᠡ ᠳᠤ ᠣᠤᠯ ᠤᠨ ᠡᠵᠡᠨ ᠨᠢ ᠪᠠᠢ᠌ᠭᠰᠠᠨ ᠨᠡᠷᠡᠦ᠌ᠭᠡᠢ ᠶᠢᠨ ᠠᠪᠠᠭᠠᠢ ᠨᠢ ᠳᠡᠷᠭᠡᠨ ᠡᠴᠡ ᠪᠠᠨ ᠣᠷᠢᠳᠴᠢᠯᠠᠨ ᠪᠠᠭᠤᠵᠤ ᠨᠤᠬᠠᠢ ᠶᠢᠨ ᠶᠢᠡᠨ ᠳᠤᠯᠤᠭᠠᠢ ᠶᠢ ᠢᠯᠢᠭᠦ ᠳᠤ ᠳᠠᠷᠠ ᠬᠠᠯᠳᠠᠷ ᠪᠠᠶᠠᠷᠯᠠᠭᠰᠠᠨ ᠪᠣᠯᠵᠤ ᠰᠡᠭᠦᠯ ᠶᠢᠡᠨ ᠰᠢᠷᠪᠠᠯᠵᠠᠨ᠎ᠠ᠃

ᠳᠤᠯᠤᠭᠠᠨ ᠳᠠᠰᠤᠯᠭ᠎ᠠ ᠳᠡᠭ᠍ᠰᠢ ᠣᠷᠣᠢ᠌ᠳᠤ ᠳᠤᠭᠤᠰᠬᠠᠨ ᠭᠡᠷ᠂ ᠠᠢ᠌ᠯ ᠤᠨ ᠡᠵᠡᠨ᠂ ᠡᠷᠦᠭᠡ ᠶᠢᠨ ᠳᠠᠷᠤᠭ᠎ᠠ ᠭᠡᠮᠡᠷ ᠳᠤᠰᠬᠤᠨ ᠤ ᠪᠠᠨ ᠵᠡᠭᠦᠨ ᠬᠣᠢ᠌ᠳᠤ ᠳᠦᠭ᠍ᠰᠡᠭ᠌ ᠳᠡᠭᠡᠷ᠎ᠡ ᠡᠪᠳᠡᠢ᠌ᠭᠡᠨ ᠰᠦᠨᠳᠠᠷᠯᠠᠵᠤ᠂ ᠳᠠᠮᠠᠢ ᠦᠨᠳᠦᠷ ᠪᠢᠰᠢ ᠴᠢᠯᠠᠭᠤᠨ ᠭᠡᠷᠡᠮ ᠨᠢ ᠵᠢᠭ᠍ᠳᠡ ᠪᠦᠭᠡᠳ ᠴᠠᠪᠠᠷ ᠴᠡᠮᠴᠡᠭᠡᠷ᠃ ᠭᠦᠷᠢᠶᠡᠨ ᠤ ᠵᠡᠭᠦᠨ ᠡᠮᠦᠨ᠎ᠡ ᠳᠠᠯ᠎ᠠ ᠳᠤ ᠵᠢᠵᠢᠭ᠌ ᠨᠤᠭᠤᠭᠠᠨ ᠬᠠᠰᠢᠶ᠎ᠠ ᠲᠡᠶ᠂ ᠬᠠᠰᠢᠶᠠᠨ ᠳᠤ ᠪᠠᠨ ᠵᠢᠵᠢᠭ᠌ ᠴᠠᠭᠢᠯᠭᠠᠨ ᠬᠤᠳᠳᠤᠭ ᠲᠡᠶ᠂ ᠳᠦᠭᠦᠮᠭᠡᠨ ᠭᠠᠬᠠᠢ ᠶᠢᠨ ᠡᠭᠦᠷ ᠨᠢ ᠭᠦᠷᠢᠶᠡᠨ ᠭᠠᠳᠠᠨ᠎ᠠ ᠪᠠᠨ ᠪᠠᠢ᠌ᠳᠠᠭ ᠨᠢ ᠡᠨᠡ ᠨᠤᠳᠤᠭ ᠲᠤ ᠬᠤᠯᠠᠭᠠᠢ᠌ᠴᠢ ᠦᠭᠡᠶ ᠭᠡᠳᠡᠭ᠌ ᠨᠢ ᠢᠯᠡᠭᠡᠨ ᠪᠠᠢ᠌ᠨ᠎ᠠ᠃

《ᠳᠠᠨ ᠤ ᠡ᠊ᠨᠳᠡ ᠶᠠᠭᠠᠭᠢᠭᠠᠤᠨ ᠮᠠᠯ ᠤᠨ ᠫᠧᠩ ᠰᠠᠷᠠᠪᠴᠢ ᠬᠠᠷᠠᠭᠳᠠᠬᠤ ᠦᠭᠡᠶ ᠪᠣᠢ ︖》 ᠭᠡᠵᠤ ᠪᠢ ᠰᠤᠨᠢᠷᠬᠠᠯ ᠶᠢᠡᠨ ᠭᠡᠷ ᠤᠨ ᠡᠵᠡᠨ᠂ ᠠᠢ᠌ᠯ ᠤᠨ ᠱᠦᠵᠢ ᠰᠠᠴᠠᠨ ᠵᠠᠯᠠᠭᠤ ᠡᠴᠡ ᠣᠴᠢᠷᠯᠠᠬᠤ ᠳᠤ ᠳᠠᠷᠠ ᠢᠨᠢᠶᠡᠰᠭᠢᠭᠡᠳ 《ᠮᠠᠨᠠᠢ᠌ᠬᠢᠳ ᠠᠢ᠌ᠯ ᠶᠢᠡᠨ ᠳᠤᠭᠤᠷᠢᠭᠠᠤᠨ ᠨᠡᠭᠦᠳᠡᠯᠯᠡᠨ ᠮᠠᠯᠵᠢᠬᠤ ᠳᠤ ᠪᠠᠨ ᠪᠦᠷ ᠡᠪᠦᠯᠵᠢᠶ᠎ᠡ᠂ ᠵᠤᠰᠠᠯᠠᠩ ᠳᠤ ᠭᠠᠷᠳᠠᠭ ᠰᠢᠤ ︕》 ᠭᠡᠭᠦ ᠳᠤ ᠪᠢ ᠰᠠ‍‌ᠶᠢ ᠰᠡᠭᠡᠰᠭᠢᠵᠤ᠂ ᠳᠠᠨᠢᠬᠤ ᠦᠭᠡᠶ ᠮᠡᠳᠡᠭᠦ ᠦᠭᠡᠶ ᠭᠦᠮᠤᠨ ᠡᠴᠡ ᠳᠦᠭᠦᠭᠡ ᠳᠤᠮᠤᠭ᠎ᠠ ᠦᠭᠡᠶ ᠶᠠᠭᠤᠮ᠎ᠠ ᠠᠰᠠᠭᠤᠭᠰᠠᠨ ᠳᠤ ᠪᠠᠨ ᠢᠴᠢᠰᠭᠢᠵᠤ᠂ ᠮᠠᠯᠵᠢᠬᠤ ᠠᠮᠢᠳᠤᠷᠠᠯ ᠤᠨ ᠮᠡᠳᠡᠯᠭᠡ ᠳᠤᠳᠠᠮᠠᠭ ᠭᠡᠳᠡᠭ᠌ ᠶᠢᠡᠨ ᠰᠠ‍‌ᠶᠢ ᠣᠢ᠌ᠯᠠᠭᠠᠵᠠᠢ᠃

ᠦᠳᠡᠰᠢ ᠶᠢᠨ ᠬᠤᠭᠤᠯᠠᠨ ᠤ ᠴᠠᠭ ᠪᠣᠯᠵᠠᠢ᠃ ᠬᠤᠶᠠᠷ ᠫᠧᠩᠰᠠ ᠬᠤᠨᠢᠨ ᠪᠦᠭᠦᠯᠢ ᠶᠢᠨ ᠨᠢᠭᠡᠨ ᠳᠤ ᠨᠢ ᠬᠤᠨᠢᠨ ᠤ ᠡᠪᠴᠢᠭᠦᠤ᠂ ᠨᠥᠭᠦᠭᠡ ᠳᠤ ᠨᠢ ᠬᠠᠪᠢᠷᠭ᠎ᠠ ᠰᠡᠭᠦᠵᠢ ᠵᠡᠷᠭᠡ ᠪᠠᠷ ᠰᠠᠪᠠᠯᠠᠵᠤ᠂ ᠰᠢᠷᠡᠭᠡᠨ ᠳᠤ ᠦᠷᠦᠭᠡᠳ᠂ ᠬᠠᠵᠠᠭᠤ ᠪᠠᠷ ᠨᠢ ᠬᠤᠶᠠᠷ ᠫᠢᠯᠠ ᠬᠤᠨᠢᠨ ᠤ ᠡᠯᠢᠭᠡ ᠵᠢᠷᠦᠭᠡᠨ ᠤ ᠬᠠᠭᠠᠷᠢᠮᠠᠯ ᠬᠠᠭᠤᠷᠠᠮᠠᠯ᠂ ᠬᠤᠶᠠᠷ ᠫᠢᠯᠠ ᠳᠠᠪᠣᠰᠤᠯᠠᠭᠰᠠᠨ ᠨᠤᠭᠤᠭ᠎ᠠ᠂ ᠨᠢᠭᠡ ᠪᠦᠳᠦᠭᠦᠨ ᠠᠶᠠᠭ᠎ᠠ ᠭᠡᠷᠴᠢᠮᠯᠡᠭ᠍ᠰᠡᠨ ᠴᠢᠳᠬᠤᠭᠰᠠᠨ ᠭᠡᠳᠡᠰᠤ ᠵᠡᠷᠭᠡ ᠶᠢ ᠰᠢᠷᠡᠭᠡ ᠪᠠᠭᠳᠠᠵᠤ ᠶᠠᠳᠠᠮ᠎ᠠ ᠣᠷᠤᠭᠤᠯᠬᠤ ᠳᠤ ᠰᠢᠨ᠎ᠠ ᠰᠤᠷᠭᠤᠭ ᠬᠤᠨᠢᠨ ᠮᠢᠬᠠᠨ ᠤ ᠠᠩᠭᠢᠯᠤᠮ᠎ᠠ ᠦᠨᠦᠷ ᠭᠡᠷ ᠳᠦᠭᠦᠷᠡᠩ ᠬᠠᠩᠬᠤᠯᠠᠵᠤ᠂ ᠬᠤᠭᠤᠯᠠᠢ ᠶᠢᠨ ᠬᠤᠷᠤᠬᠠᠢ ᠶᠢ ᠦᠪᠡᠷ ᠤᠨ ᠡᠷᠭᠡ ᠦᠭᠡᠶ ᠥᠡᠳᠡᠯᠵᠡᠭᠦᠯᠦᠨ᠎ᠡ᠃ ᠶᠤᠰᠤᠳᠠᠢ ᠮᠤᠩᠭ᠋ᠤᠯ ᠬᠤᠭᠤᠯᠠᠨ ᠤ ᠣᠠᠴᠠᠯᠢᠭ ᠰᠢᠠᠵᠢ ᠶᠢ ᠪᠦᠷᠢᠨ ᠢᠯᠡᠷᠡᠭᠦᠯᠦᠭ᠍ᠰᠡᠨ ᠨᠢᠭᠡ ᠰᠢᠷᠡᠭᠡ ᠪᠣᠳᠠᠭ᠎ᠠ ᠪᠠᠢ᠌ᠵᠠᠢ᠃

ᠰᠤᠨᠤᠰᠬᠤᠯᠠᠷ᠂ ᠬᠤᠨᠢᠨ ᠤ ᠡᠪᠴᠢᠭᠦᠤ ᠶᠢ ᠪᠣᠯ ᠳᠦᠷᠭᠦᠮᠴᠢᠯᠡᠭ᠍ᠰᠡᠨ ᠭᠡᠦᠭᠡᠨ ᠳᠤ ᠪᠠᠨ ᠪᠣᠯ ᠰᠠ‍‌ᠶᠢ ᠭᠠᠷᠭᠠᠳᠠᠭ ᠶᠤᠰᠤᠳᠠᠢ ᠭᠡᠨ᠎ᠡ᠃ ᠳᠠᠢ᠌ᠮᠤ ᠡ᠂ ᠨᠡᠷᠡᠦ᠌ᠭᠡᠢ ᠠᠪᠣᠭᠠᠢ ᠶᠢᠨ ᠭᠦᠷᠢ ᠳᠡᠭᠦᠤ ᠨᠢ ᠡᠭᠡᠴᠢ ᠳᠤ ᠪᠠᠨ ᠣᠳᠤ ᠳᠦᠷᠭᠦᠮ ᠪᠣᠯᠬᠤ ᠳᠤ ᠪᠠᠨ ᠳᠠᠭᠠᠷᠠᠨ᠎ᠠ᠃ ᠡᠭᠡᠴᠢ ᠨᠢ ᠣᠷᠢᠳᠠᠪᠠᠷ ᠭᠢᠳᠤᠭ᠎ᠠ ᠭᠦᠳᠡᠯᠭᠡᠵᠤ ᠡᠪᠴᠢᠭᠦᠤ ᠭᠦᠡᠳᠡᠨ᠂ ᠵᠤᠴᠢᠳ ᠲᠤ ᠪᠠᠨ ᠭᠡᠰᠡᠭ᠌ ᠵᠦᠰᠤᠵᠤ ᠦᠭ‍ᠭᠦᠭ᠍ᠰᠡᠨ ᠡᠴᠡ ᠠᠷᠢᠭᠢᠨ ᠤ ᠨᠠᠢ᠌ᠷ ᠡᠭᠢᠯᠡᠯ᠎ᠡ᠃ ᠣᠷᠢᠳᠠᠪᠠᠷ ᠨᠡᠷᠡᠦ᠌ᠭᠡᠢ ᠠᠪᠣᠭᠠᠢ ᠭᠡᠷ ᠤᠨ ᠡᠵᠡᠨ ᠤ ᠶᠤᠰᠤ ᠪᠠᠷ ᠠᠬ᠎ᠠ ᠳᠡᠭᠦᠤ ᠨᠠᠢ᠌ᠵᠠ ᠨᠡᠷ ᠤᠨ ᠮᠤᠷᠢᠯᠠᠨ ᠰᠠᠭᠠᠳᠠᠵᠤ᠂ ᠪᠠᠶᠠᠷ ᠤᠨ ᠡᠳᠦᠷ ᠤᠨ ᠭᠦᠷ ᠨᠠᠢ᠌ᠷ ᠢ ᠠᠪᠴᠢᠷᠠᠵᠤ ᠦᠭ‍ᠭᠦᠭ᠍ᠰᠡᠨ ᠭᠡᠵᠤ ᠳᠠᠯᠠᠷᠬᠠᠵᠤ ᠪᠠᠢ᠌ᠭ᠎ᠠ ᠰᠡᠳᠬᠢᠯᠭᠡ ᠪᠠᠨ ᠢᠯᠡᠳᠭᠡᠭᠡᠳ ᠨᠢᠭᠡ ᠬᠤᠠᠳᠠᠭ᠎ᠠ ᠠᠷᠢᠭᠢ ᠱᠠᠯᠠᠯ᠎ᠠ᠃ ᠠᠭᠢ ᠳᠠᠭᠠᠨ᠎ᠠ ᠢᠳᠠᠵᠤ᠂ ᠷᠠᠰᠢᠶᠠᠨ ᠪᠣᠯᠠᠭ ᠡᠴᠡ ᠣᠮᠳᠠᠯᠠᠵᠤ ᠪᠠᠢ᠌ᠭ᠎ᠠ ᠬᠤᠨᠢᠨ ᠤ ᠮᠢᠬ᠎ᠠ ᠭᠡᠵᠤ ᠥᠨᠡᠭᠡᠷ ᠦᠨᠦᠷ ᠠᠮᠳᠠ ᠪᠠᠷ ᠡᠳᠡᠭᠡᠳ ᠰᠠᠢ᠌ᠬᠠᠨ ᠪᠠᠢ᠌ᠵᠤ ᠠᠷᠢᠭᠢᠨ ᠤ ᠭᠡᠮᠵᠢᠶ᠎ᠡ ᠶᠢ ᠣᠯᠠᠮ ᠥᠡᠳᠦᠷᠵᠢᠭᠦᠯᠵᠤ ᠪᠠᠢ᠌ᠯ᠎ᠠ᠃

ᠰᠢᠷᠡᠭᠡ ᠳᠤᠭᠤᠷᠢᠭᠰᠠᠨ ᠭᠦᠮᠦᠰ ᠨᠢᠭᠡ ᠨᠢᠭᠡ ᠪᠠᠷ ᠠᠷᠢᠭᠢᠨ ᠡᠵᠡᠨ ᠪᠣᠯᠵᠤ᠂ ᠰᠡᠳᠭᠢᠯ ᠤᠨ ᠥᠭᠡ ᠪᠠᠨ ᠭᠡᠯᠡᠵᠡᠭᠡᠨ ᠨᠢᠭᠡ ᠡᠭᠡᠯᠵᠢ ᠳᠠᠭᠤᠰᠤᠮᠠᠭᠴᠠ ᠴᠢᠯᠦᠭᠡᠳᠡᠢ ᠳᠠᠭᠤᠯᠠᠵᠤ ᠰᠢᠯᠦᠭᠯᠡᠵᠤ ᠡᠭᠢᠯᠡᠭ᠍ᠰᠡᠨ ᠶᠤᠮ᠃ 《ᠵᠦᠪ ᠶᠠᠪᠣᠪᠠᠯ ᠵᠥᠭᠡᠯᠡᠨ ᠵᠥᠭᠡᠯᠡᠨ ᠽᠡᠮᠪᠦᠯᠢᠭ᠌》 ᠭᠡᠭᠦ ᠡᠷᠡᠭ᠍ᠳᠡᠢ ᠶᠢᠨ ᠭᠤᠴᠤᠯᠠᠯ ᠳᠠᠭᠤᠤ ᠶᠢ ᠣ·ᠳᠠᠷᠬᠠᠨ ᠵᠠᠯᠠᠭᠤ ᠬᠠᠩᠭᠢᠨᠠᠭᠤᠯᠵᠤ ᠭᠠᠷᠬᠤ ᠳᠤ 《ᠬᠠᠪᠣᠷ ᠤᠨ ᠭᠠᠯᠠᠭᠤ》 ᠭᠡᠭᠦ ᠠᠷᠠᠤᠨ ᠤᠨ ᠳᠠᠭᠤᠤ ᠶᠢ ᠰᠢᠤᠢ ᠳᠠᠷᠤᠭ᠎ᠠ ᠶᠢᠨ ᠬᠠᠳᠤᠨ ᠭᠣᠢ᠌ᠳᠠ ᠡᠭᠡᠰᠢᠭ᠌ ᠶᠢᠡᠷ ᠳᠠᠭᠤᠯᠠᠭᠠᠤᠨ ᠨᠠᠢ᠌ᠷ ᠢ ᠣᠯᠠᠮ ᠥᠡᠳᠦᠷᠵᠢᠭᠦᠯᠦᠭ᠍ᠰᠡᠨ ᠶᠤᠮ᠃ ᠠᠷᠪᠠᠭᠠᠤᠨ ᠨᠠᠰᠤᠳᠠᠢ ᠪᠢᠴᠢᠬᠠᠨ ᠭᠡᠦᠭᠡᠨ ᠢᠯᠭᠤᠮ ᠡᠴᠡ 《ᠪᠧᠷᠤᠯᠠᠢ》 ᠭᠡᠭᠦ ᠠᠷᠠᠤᠨ ᠤᠨ ᠳᠠᠭᠤᠤ ᠶᠢ ᠣᠶᠠᠷᠠᠭᠤᠨ ᠰᠠᠢ᠌ᠬᠠᠨ ᠳᠠᠭᠤᠯᠠᠭᠰᠠᠨ ᠨᠢ ᠪᠢᠳᠠ ᠣᠯᠠᠨ ᠳᠤ ᠮᠠᠰᠢ ᠭᠦᠨ ᠰᠠᠭᠤᠭᠳᠠᠯ ᠥᠯᠡᠳᠡᠭᠡᠭ᠍ᠰᠡᠨ ᠪᠢᠯᠠ ︕

ᠴᠠᠭᠢᠯᠭᠠᠨ ᠳ᠋ᠸᠩ ᠤᠨ ᠴᠡᠭᠡᠨ ᠭᠡᠷᠡᠯ ᠴᠠᠭᠠᠨ ᠬᠠᠨᠠᠳᠤ ᠭᠡᠷ ᠢ ᠡᠳᠦᠷ ᠥᠭᠡᠷ᠎ᠡ ᠦᠭᠡᠶ ᠭᠡᠷᠡᠯᠳᠦᠭᠦᠯᠦᠨ᠎ᠡ᠃ ᠨᠡᠭᠡᠭᠡᠭ᠍ᠰᠡᠨ ᠴᠤᠩᠬᠤ ᠪᠠᠷ ᠰᠦᠨᠢ ᠶᠢᠨ ᠰᠡᠷᠢᠭᠦᠨ ᠰᠠᠯᠭᠢ ᠦᠶ᠎ᠡ ᠦᠶ᠎ᠡ ᠥᠯᠢᠶᠡᠭᠦ ᠳᠤ ᠠᠷᠢᠭᠢᠨ ᠤ ᠬᠠᠯᠠᠭᠤᠨ ᠶᠢᠡᠨ ᠭᠠᠳᠠᠭᠰᠢᠭᠤᠯᠵᠤ ᠪᠠᠢ᠌ᠭ᠎ᠠ ᠭᠦᠮᠦᠰ ᠲᠤ ᠬᠤᠪᠢ ᠶᠢᠨ ᠭᠠᠳᠠᠨ᠎ᠠ ᠳᠠᠭᠠᠯᠠᠮᠵᠢᠳᠠᠢ ᠰᠠᠨᠠᠭᠳᠠᠭᠤᠯᠤᠨ᠎ᠠ᠃ ᠳ᠋ᠸᠩ ᠤᠨ ᠭᠡᠷᠡᠯ ᠳᠤᠸᠠᠯᠠᠵᠤ᠂ ᠡᠭᠦᠳᠡ ᠴᠤᠩᠬᠤ ᠨᠡᠭᠡᠭᠡᠭ᠍ᠳᠡᠵᠤ ᠪᠠᠢ᠌ᠳᠠᠯ᠎ᠠ ᠢᠯᠠᠭ᠎ᠠ ᠪᠠᠳᠠᠭᠠᠨ᠎ᠠ᠂ ᠬᠤᠷᠤᠬᠠᠢ ᠰᠢᠪᠠᠵᠢ ᠨᠢᠭᠡ ᠴᠤ ᠢᠷᠠᠵᠤ ᠪᠢᠳᠠᠨ ᠲᠡᠶ ᠠᠪᠣᠯᠴᠠᠬᠤ ᠦᠭᠡᠶ ᠪᠠᠢ᠌ᠭ᠎ᠠ ᠳᠤ ᠪᠢ ᠪᠠᠰᠠ ᠨᠢᠭᠡ ᠰᠤᠨᠢᠷᠬᠠᠯ ᠳᠦᠷᠤᠵᠠᠢ᠃

ᠭᠢᠳᠤᠭ᠎ᠠ ᠰᠠᠯᠭᠠᠯ ᠦᠭᠡᠶ ᠮᠢᠬ᠎ᠠ ᠢᠳᠠᠵᠤ᠂ ᠬᠤᠠᠳᠠᠭ᠎ᠠ ᠳᠠᠯᠪᠢᠯ ᠦᠭᠡᠶ ᠠᠷᠢᠭᠢ ᠣᠤᠭᠤᠭᠠᠤᠨ᠂ ᠠᠶ᠎ᠠ ᠳᠠᠰᠤᠯᠳᠠᠯ ᠦᠭᠡᠶ ᠳᠠᠭᠤᠤ ᠪᠠᠨ ᠳᠠᠭᠤᠯᠠᠭᠰᠠᠨ ᠮᠠᠨᠠᠢ᠌ᠬᠢᠳ ᠰᠦᠨᠢ ᠲᠦᠯᠢᠭᠡᠳ ᠶᠠᠳᠠᠷᠠᠬᠤ ᠰᠢᠤ ᠪᠣᠯᠵᠤ ᠣᠠᠳᠠᠵᠤ ᠠᠮᠠᠷᠠᠬᠤ ᠪᠠᠷ ᠪᠣᠯᠤᠯ᠎ᠠ᠃

ᠳᠠᠪᠤᠨ ᠰᠠᠷ᠎ᠠ ᠶᠢᠨ ᠳᠠᠪᠤᠨ ᠤ ᠡᠳᠦᠷ ᠲᠤ ᠦᠨᠳᠦᠷ ᠲᠤ ᠭᠠᠷᠴᠤ ᠬᠤᠯᠠ ᠶᠢ ᠪᠠᠷᠠᠭᠠᠯᠠᠨ᠎ᠠ᠃ ᠳᠭᠡᠪᠠᠯ ᠬᠤᠵᠢᠮ ᠭᠡᠭᠡᠨ ᠰᠠᠷᠠᠭᠤᠯ ᠢᠷᠡᠭᠡᠳᠦᠢ ᠲᠡᠶ ᠪᠣᠯᠤᠨ᠎ᠠ ᠭᠡᠵᠤ ᠠᠬᠠᠮᠠᠤᠨ ᠭᠦᠮᠦᠰ ᠪᠢᠳᠠᠨ ᠳᠤ ᠰᠤᠷᠭᠠᠳᠠᠭ ᠪᠠᠢ᠌ᠭᠰᠠᠨ ᠰᠠᠨ ︕ ᠦᠷᠯᠦᠭᠡ ᠳᠦᠷᠪᠠᠨ ᠴᠠᠭ ᠪᠣᠯᠬᠤ ᠶᠢᠨ ᠠᠯᠳᠠ ᠳᠤ ᠣ·ᠳᠠᠷᠬᠠᠨ ᠶᠢᠡᠨ ᠳᠠᠭᠤᠳᠠᠨ ᠰᠡᠷᠢᠭᠡᠵᠤ ᠠᠢ᠌ᠯ ᠤᠨ ᠵᠡᠭᠦᠨ ᠬᠠᠮᠤᠭ ᠤᠢ᠌ᠷᠠᠯᠴᠠᠭ᠎ᠠ᠂ ᠬᠠᠮᠤᠭ ᠦᠨᠳᠦᠷ ᠠᠭᠤᠯᠠ ᠶᠢ ᠰᠤᠩᠭ᠋ᠤᠵᠤ ᠠᠪᠠᠷᠢᠵᠤ ᠡᠭᠢᠯᠡᠯ᠎ᠡ᠃ ᠠᠭᠤᠯᠠ ᠶᠢᠨ ᠭᠢᠷ᠎ᠠ ᠨᠢ ᠨᠠᠯᠠᠤᠬᠠᠨ ᠪᠣᠯᠬᠤᠷ ᠪᠢᠳᠠ ᠬᠤᠶᠠᠭᠤᠯᠠ ᠳᠠᠮᠠᠢ ᠭᠦᠴᠤ ᠣᠷᠤᠭᠰᠠᠨ ᠦᠭᠡᠶ ᠪᠠᠷ ᠣᠷᠤᠢ ᠳᠡᠭᠡᠷ᠎ᠡ ᠨᠢ ᠭᠠᠷᠴᠠᠢ᠃ ᠭᠡᠪᠠᠴᠤ ᠣᠨᠢᠶᠠᠷ ᠮᠠᠨᠠᠨ ᠳᠠᠳᠠᠭᠠᠤᠨ ᠬᠤᠯᠠ ᠶᠢ ᠬᠠᠷᠠᠬᠤ ᠶᠢᠨ ᠠᠷᠭ᠎ᠠ ᠦᠭᠡᠶ᠃ ᠬᠤᠯᠠ ᠶᠢᠨ ᠠᠭᠤᠯᠠᠰ ᠤᠨ ᠳᠤᠯᠤᠭᠠᠤᠨ ᠪᠦᠷ ᠯᠠ ᠣᠨᠢᠶᠠᠷᠳᠠᠭᠠᠤᠨ ᠭᠦᠭᠡᠷᠡᠵᠤ ᠯᠠ ᠬᠠᠷᠠᠭᠳᠠᠨ᠎ᠠ᠃

ᠠᠭᠤᠯᠠᠨ ᠡᠴᠡ ᠪᠠᠭᠤᠵᠤ ᠢᠷᠡᠭᠡᠳ ᠳᠠᠭᠢᠨ ᠪᠦᠭᠦᠳᠡᠭᠡᠷ ᠠᠢ᠌ᠯ ᠤᠨ ᠪᠠᠷᠠᠭᠤᠨ ᠬᠣᠢ᠌ᠳᠠᠢ ᠠᠭᠤᠯᠠᠨ ᠳᠤ ᠪᠠᠢ᠌ᠭ᠎ᠠ ᠠᠭᠤᠢ ᠳ᠋ᠦ᠋ᠩ ᠳᠤ ᠣᠴᠢᠪᠠ᠃ ᠠᠭᠣᠢ᠌ᠳᠤ ᠠᠭᠤᠯᠠᠨ ᠤ ᠵᠡᠭᠦᠨ ᠡᠮᠦᠨ᠎ᠡ ᠭᠢᠷ᠎ᠠ ᠳᠡᠭᠡᠷ᠎ᠡ ᠬᠤᠶᠠᠷ ᠴᠠᠭᠠᠨ ᠪᠣᠩᠬᠤᠨ ᠪᠠᠢ᠌ᠨ᠎ᠠ᠃ ᠨᠢᠭᠡ ᠨᠢ ᠰᠠᠨ ᠵᠢᠩ ᠭᠡᠭᠡᠨ ᠤ ᠪᠣᠩᠬᠤᠨ᠂ ᠨᠥᠭᠦᠭᠡ ᠨᠢ ᠯᠢ ᠳ᠋ᠧ ᠯᠠᠮ᠎ᠠ ᠶᠢᠨ ᠪᠣᠩᠬᠤᠨ ᠭᠡᠳᠡᠭ᠌᠃ ᠪᠢᠳᠠ ᠣᠷᠢᠳᠠᠪᠠᠷ ᠬᠤᠶᠠᠷ ᠬᠤᠪᠢᠯᠭᠠᠨ ᠳᠤ ᠳᠠᠭᠢᠯ ᠳᠠᠪᠢᠭ ᠶᠢᠡᠨ ᠡᠷᠭᠦᠵᠤ᠂ ᠨᠠᠮᠠᠠᠴᠢᠯᠠᠯ ᠳᠠᠭᠠᠳᠬᠠᠯ ᠭᠦᠢᠴᠡᠭᠡᠭ᠍ᠰᠡᠨ ᠤ ᠰᠡᠭᠦᠯᠡᠷ ᠠᠭᠤᠯᠠᠨ ᠤ ᠳᠡᠭᠡᠷ᠎ᠡ ᠭᠢᠷ᠎ᠠ ᠳᠤ ᠪᠠᠢ᠌ᠭ᠎ᠠ ᠠᠭᠤᠢ ᠳ᠋ᠦ᠋ᠩ ᠳᠤ ᠮᠠᠴᠤᠨ ᠭᠠᠷᠪᠠ᠃ ᠳ᠋ᠦ᠋ᠩ ᠤᠨ ᠠᠮᠠᠰᠠᠷ ᠨᠢ ᠬᠤᠶᠠᠷ ᠵᠠᠩ ᠭᠡᠷ ᠤᠨ ᠭᠢᠷᠢ ᠳᠤᠮᠤ ᠪᠠᠢ᠌ᠳᠠᠭ᠃ ᠳᠤᠳᠤᠷ᠎ᠠ ᠨᠢ ᠮᠦᠨ ᠬᠤᠶᠠᠷ ᠵᠠᠩ ᠭᠡᠷ ᠤᠨ ᠰᠢᠭ᠌ ᠠᠭᠤᠵᠢᠮ ᠪᠠᠢ᠌ᠵᠤ ᠪᠠᠷᠠᠭᠤᠨ ᠬᠣᠢ᠌ᠰᠢ᠂ ᠵᠡᠭᠦᠨ ᠬᠣᠢ᠌ᠰᠢ ᠬᠤᠶᠠᠷ ᠰᠠᠯᠠᠭ᠎ᠠ ᠲᠡᠶ ᠰᠢᠭ᠌ ᠪᠣᠯᠪᠠᠴᠤ ᠵᠡᠭᠦᠨ ᠬᠣᠢ᠌ᠰᠢ ᠬᠠᠠᠳᠤᠭᠰᠠᠨ ᠨᠢ ᠳᠠᠮᠠᠢ ᠶᠠᠪᠣᠬᠤ ᠦᠭᠡᠶ ᠮᠤᠬᠤᠷᠤᠨ᠎ᠠ᠃ ᠪᠠᠷᠠᠭᠤᠨ ᠬᠣᠢ᠌ᠰᠢ ᠬᠠᠠᠳᠤᠭᠰᠠᠨ ᠨᠢ ᠮᠥᠯᠭᠦᠵᠤ ᠣᠷᠤᠮᠠᠷ ᠨᠠᠷᠢᠬᠠᠨ ᠪᠠᠢ᠌ᠳᠠᠭ᠃ ᠳᠡᠷᠡᠭᠦ ᠨᠠᠷᠢᠨ ᠭᠡᠰᠡᠭ᠌ ᠶᠢᠡᠨ ᠥᠩᠭᠡᠷᠡᠭ᠍ᠰᠡᠭᠡᠷ ᠳᠠᠭᠢᠨ ᠠᠭᠤᠵᠢᠮ ᠪᠣᠯᠵᠤ ᠮᠦᠨ ᠬᠤᠶᠠᠷ ᠵᠠᠩ ᠭᠡᠷ ᠤᠨ ᠭᠢᠷᠢ ᠪᠦᠳᠦᠭᠦᠨ ᠪᠣᠯᠤᠭᠠᠤᠨ ᠴᠢᠯᠠᠭᠤᠨ ᠰᠢᠷᠡᠭᠡ ᠰᠠᠠᠳᠠᠯᠢ ᠳᠠᠯᠪᠢᠵᠤ ᠪᠠᠢ᠌ᠨ᠎ᠠ ᠭᠡᠨ᠎ᠡ᠃ ᠪᠢᠳᠠ ᠰᠤᠨᠢᠭᠤᠴᠢ ᠭᠦᠷᠦᠭᠡᠳ ᠮᠥᠯᠭᠦᠵᠤ ᠪᠠᠢ᠌ᠭᠠᠤᠨ ᠴᠤ ᠣᠷᠤᠵᠤ ᠴᠤᠬᠤᠮ ᠶᠠᠮᠠᠷ ᠪᠣᠯᠬᠤ ᠶᠢ ᠮᠠᠭᠠᠳᠯᠠᠶ᠎ᠠ ᠭᠡᠭᠦ ᠳᠤ ᠨᠤᠳᠤᠭ ᠤᠨ ᠭᠦᠮᠦᠰ ᠠᠶᠤᠯᠳᠠᠢ ᠭᠡᠳ ᠪᠢᠳᠠᠨ ᠢ ᠬᠤᠷᠢᠭᠯᠠᠵᠠᠢ᠃ ᠪᠢᠳᠠ ᠪᠠᠰᠠ ᠨᠤᠳᠤᠭ ᠤᠨ ᠭᠦᠮᠦᠰ ᠪᠢᠳᠠᠨ ᠢ ᠣᠷᠤᠭᠤᠯᠬᠤ ᠳᠤᠷ᠎ᠠ ᠦᠭᠡᠶ ᠪᠠᠢ᠌ᠨ᠎ᠠ ᠭᠡᠵᠤ ᠪᠣᠳᠤᠭᠠᠤᠨ ᠳᠠᠭᠢᠨ ᠣᠷᠤᠬᠤ ᠭᠡᠵᠤ ᠵᠢᠳᠭᠦᠭ᠍ᠰᠡᠨ ᠦᠭᠡᠶ᠃ ᠬᠠᠷᠠᠮᠰᠠᠯ ᠪᠣᠯᠵᠤ ᠦᠯᠠᠳᠠᠵᠠᠢ᠃

ᠠᠭᠤᠢ ᠳ᠋ᠦ᠋ᠩ ᠤᠨ ᠪᠠᠷᠠᠭᠤᠨ ᠬᠠᠨ᠎ᠠ ᠳᠡᠭᠡᠷ᠎ᠡ ᠨᠢ ᠮᠤᠩᠭ᠋ᠤᠯ ᠭᠢᠳᠠᠤᠨ ᠭᠢᠳᠠᠨ ᠭᠤᠷᠪᠠᠨ ᠭᠡᠯᠡᠨ ᠤ ᠦᠰᠦᠭ᠌ ᠲᠡᠶ᠃ ᠶᠠᠭᠤ ᠪᠠᠷ ᠪᠢᠴᠢᠭ᠍ᠰᠡᠨ ᠢ ᠮᠡᠳᠡᠭᠦ ᠦᠭᠡᠶ᠃ ᠵᠥᠯᠭᠦᠵᠤ ᠠᠷᠴᠢᠭᠠᠤᠨ ᠢᠯᠡᠷᠡᠭᠦ ᠶᠤᠮ ᠪᠢᠰᠢ᠂ ᠣᠰᠤ ᠪᠠᠷ ᠣᠭᠢᠶᠠᠪᠠᠯ ᠰᠠ‍‌ᠶᠢ ᠳᠤᠳᠤᠷᠠᠵᠤ ᠢᠷᠠᠨ᠎ᠠ᠃ ᠪᠢᠳᠠ ᠣᠰᠤ ᠠᠪᠴᠤ ᠭᠠᠷᠤᠭᠰᠠᠨ ᠦᠭᠡᠶ ᠳᠤᠯᠠ ᠰᠠᠢ᠌ᠬᠠᠨ ᠣᠩᠰᠢᠵᠤ ᠳᠡᠢ᠌ᠯᠦᠭ᠍ᠰᠡᠨ ᠦᠭᠡᠶ᠃ ᠳᠤᠰ ᠠᠭᠤᠢ ᠳᠤ ᠰᠠᠨ ᠵᠢᠩ ᠭᠡᠭᠡᠨ ᠪᠢᠰᠢᠯᠭᠠᠯ ᠭᠢᠵᠤ ᠪᠠᠢ᠌ᠭᠰᠠᠨ ᠭᠡᠨ᠎ᠡ᠃ ᠰᠠᠨ ᠵᠢᠩ ᠭᠡᠭᠡᠨ ᠤ ᠣᠢ᠌ᠯᠠ ᠶᠠᠪᠣᠳᠠᠯ ᠤᠨ ᠳᠤᠬᠠᠢ ᠥᠭᠡᠷ᠎ᠡ ᠰᠤᠷᠠᠭ ᠣᠯᠳᠠᠭᠰᠠᠨ ᠦᠭᠡᠶ᠃ ᠯᠢ ᠳ᠋ᠧ ᠯᠠᠮ᠎ᠠ ᠪᠠᠰᠠ ᠡᠨᠡ ᠠᠭᠤᠢ ᠳᠤ ᠰᠠᠭᠤᠵᠤ ᠨᠤᠮ ᠣᠩᠰᠢᠵᠤ ᠪᠠᠢ᠌ᠭᠰᠠᠨ ᠪᠦᠭᠡᠳ ᠮᠤᠩᠭ᠋ᠤᠯ ᠡᠮ ᠨᠠᠢ᠌ᠷᠠᠵᠤ᠂ ᠡᠪᠡᠳᠴᠢᠨ ᠦᠵᠡᠵᠤ᠂ ᠤᠢ᠌ᠷ᠎ᠡ ᠣᠷᠴᠢᠮ ᠤᠨ ᠮᠤᠩᠭ᠋ᠤᠯᠴᠤᠳ ᠲᠤ ᠪᠠᠨ ᠶᠡᠭᠡᠯ᠎ᠡ ᠳᠤᠰᠠ ᠳᠡᠮᠵᠢᠯᠭᠡ ᠥᠵᠡᠭᠦᠯᠵᠤ ᠪᠠᠢ᠌ᠭᠰᠠᠨ ᠭᠡᠨ᠎ᠡ᠃

ᠠᠭᠤᠯᠠᠨ ᠡᠴᠡ ᠪᠠᠭᠤᠬᠤ ᠦᠶ᠎ᠡ ᠳᠤ ᠨᠢᠭᠡ ᠰᠤᠨᠢᠬᠠᠨ ᠪᠣᠳᠠᠯᠠᠭ ᠮᠤᠳᠤ ᠶᠢ ᠱᠸᠪᠠᠷ ᠮᠤᠳᠤ ᠭᠡᠵᠤ ᠳᠠᠳᠠ ᠨᠠᠳᠠ ᠳᠤ ᠭᠡᠯᠡᠵᠤ ᠥᠭ᠍ᠴᠡᠢ᠃ ᠨᠠᠪᠴᠢ ᠨᠢ ᠣᠷᠳᠤᠯᠵᠢᠨ ᠳᠤᠮᠤ ᠰᠢᠭ᠂ ᠴᠤᠮᠤᠷᠯᠢᠭ ᠨᠢ ᠰᠢᠰᠢ ᠶᠢᠨ ᠮᠥᠭᠦᠯᠢᠭ᠌ ᠭᠢᠷᠢ᠂ ᠶᠠᠭᠠᠨ ᠥᠩᠭᠡ ᠲᠡᠶ᠃ ᠳᠡᠯᠭᠡᠷᠡᠭ᠍ᠰᠡᠨ ᠴᠡᠴᠡᠭ᠌ ᠨᠢ ᠴᠠᠭᠠᠨ ᠥᠩᠭᠡ ᠲᠡᠶ᠂ ᠳᠠᠩ ᠳᠠᠯᠪᠢ ᠲᠡᠶ᠃

ᠠᠭᠣᠢ᠌ᠳᠤ ᠠᠭᠤᠯᠠᠨ ᠤ ᠪᠠᠷᠠᠭᠤᠨ ᠡᠮᠦᠨ᠎ᠡ ᠳᠠᠯ᠎ᠠ ᠳᠤ ᠨᠢᠭᠡ ᠵᠢᠵᠢᠭ᠌ ᠪᠣᠯᠠᠭ ᠲᠡᠶ᠃ ᠪᠣᠯᠠᠭ ᠤᠨ ᠣᠰᠤ ᠪᠣᠷᠭᠢᠯᠤᠨ ᠪᠠᠢ᠌ᠨ᠎ᠠ᠃ ᠳᠠᠪᠤᠨ ᠰᠠᠷ᠎ᠠ ᠶᠢᠨ ᠳᠠᠪᠤᠨ ᠤ ᠪᠣᠯᠠᠭ ᠤᠨ ᠣᠰᠤ ᠶᠢ ᠣᠯᠵᠤ ᠣᠤᠭᠤᠭᠰᠠᠨ ᠳᠤ ᠪᠠᠨ ᠪᠢᠳᠠ ᠰᠡᠳᠭᠢᠯ ᠶᠡᠭᠡ ᠦᠨᠳᠦᠷ ᠪᠠᠢ᠌ᠯ᠎ᠠ᠃ ᠨᠤᠳᠤᠭ ᠤᠨ ᠭᠦᠮᠦᠰ ᠳᠤᠰ ᠪᠣᠯᠠᠭ ᠲᠤ ᠪᠠᠨ ᠳᠠᠭᠢᠯ ᠳᠠᠪᠢᠭ ᠪᠦᠷ ᠳᠠᠯᠪᠢᠵᠠᠢ᠃ ᠣᠰᠤᠨ ᠳ᠋ᠠᠭᠢ ᠨᠢᠭᠡ ᠨᠤᠭᠤᠭᠠᠨ ᠡᠷᠢᠶᠡᠨ ᠵᠢᠵᠢᠭ᠌ ᠮᠤᠭᠠᠢ ᠣᠰᠤᠨ ᠡᠴᠡ ᠳᠤᠯᠤᠭᠠᠢ ᠪᠠᠨ ᠭᠠᠷᠭᠠᠵᠤ ᠪᠢᠳᠠᠨ ᠢ ᠥᠵᠡᠭᠦ ᠳᠤ ᠣᠷᠭᠤᠭ᠎ᠠ ᠴᠢᠯᠠᠭᠤ ᠵᠠᠯᠠᠭᠤ ᠡᠴᠡ ᠡᠨᠡ ᠪᠣᠯ ᠪᠣᠯᠠᠭ ᠤᠨ ᠡᠵᠡᠨ ᠮᠦᠨ ᠭᠡᠵᠤ ᠳᠠᠨᠢᠯᠴᠠᠭᠤᠯᠵᠠᠢ᠃

ᠦᠷᠯᠦᠭᠡ ᠶᠢᠨ ᠬᠤᠭᠤᠯᠠᠨ ᠤ ᠰᠦ᠋ ᠲᠡᠶ ᠴᠠᠢ ᠡᠴᠡ ᠬᠠᠭᠤᠷᠤᠭᠰᠠᠨ ᠠᠮᠤ᠂ ᠦᠷᠤᠮ᠎ᠠ ᠡᠭᠡᠵᠡᠭᠡᠢ ᠵᠢᠴᠢ ᠳᠠᠭᠢᠶᠠᠨ ᠥᠡᠳᠡᠭᠡ ᠳᠤ ᠭᠦᠷᠳᠡᠯ᠎ᠡ ᠶᠤᠰᠤᠳᠠᠢ ᠨᠤᠭᠤᠭᠠᠯᠢᠭ ᠥᠩᠭᠡᠳᠤ ᠢᠳᠡᠭᠡᠨ ᠪᠣᠯᠬᠤ ᠶᠤᠮ᠃ ᠣᠠᠴᠠᠭᠠᠢ᠌ᠯᠠᠨ ᠭᠡᠭᠡᠷ᠎ᠡ ᠶᠢᠨ ᠬᠤᠷᠤᠬᠠᠢ ᠰᠢᠪᠠᠵᠢ ᠢᠳᠡᠭ᠍ᠰᠡᠨ ᠳᠠᠭᠢᠶᠠᠨ ᠤ ᠥᠡᠳᠡᠭᠡ ᠮᠠᠨ ᠤ ᠨᠤᠳᠤᠭ ᠤᠨ ᠭᠡᠳᠤ ᠳᠡᠯᠭᠡᠭᠦᠷ ᠡᠴᠡ ᠠᠪᠣᠭᠰᠠᠨ ᠲᠡᠶ ᠠᠳᠠᠯᠢᠳᠬᠠᠬᠤ ᠶᠢᠨ ᠠᠷᠭ᠎ᠠ ᠦᠭᠡᠶ ᠰᠠᠢ᠌ᠨ ᠪᠠᠢ᠌ᠯ᠎ᠠ᠃ ᠥᠡᠳᠡᠭᠡᠨ ᠬᠠᠯᠢᠰᠤ ᠨᠢ ᠵᠤᠵᠠᠭᠠᠨ᠂ ᠴᠠᠭᠠᠨ ᠨᠢ ᠪᠣᠯᠤᠷ ᠰᠢᠭ ᠳᠤᠩᠭ᠋ᠠᠯᠠᠭ᠂ ᠰᠢᠷ᠎ᠠ ᠨᠢ ᠵᠣᠢ᠌ᠷᠯᠠᠰᠢ ᠦᠭᠡᠶ ᠭᠦᠨ᠂ ᠰᠢᠮ᠎ᠠ ᠳᠡᠵᠢᠭᠡᠯ ᠨᠢ ᠨᠠᠩ ᠳᠡᠯᠡᠭᠡᠢ ᠶᠢᠨ ᠳᠠᠭᠢᠶᠠᠨ ᠥᠡᠳᠡᠭᠡ ᠶᠢᠨ ᠳᠤᠳᠤᠷ᠎ᠠ ᠬᠠᠮᠤᠭ ᠣᠷᠭᠢᠯ ᠪᠣᠯᠬᠤ ᠨᠢ ᠮᠠᠷᠭᠤᠰᠢ ᠦᠭᠡᠶ᠃

ᠪᠢᠳᠠ ᠰᠢᠷᠭ᠎ᠠ ᠶᠢᠨ ᠵᠢᠯᠠᠭ᠎ᠠ ᠪᠠᠷ ᠣᠷᠤᠬᠤ ᠦᠶ᠎ᠡ ᠳᠤ ᠨᠠᠷᠠ ᠨᠢᠭᠡᠨᠲᠡ ᠳᠡᠭᠡᠷ᠎ᠡ ᠮᠠᠠᠳᠤᠵᠠᠢ᠃ ᠭᠡᠪᠠᠴᠤ ᠳᠠᠷᠠ ᠮᠠᠨᠢ ᠪᠠᠰᠠᠯᠠ ᠪᠣᠳᠤᠩᠬᠠᠢ ᠪᠠᠢ᠌ᠪᠠ᠃ ᠣᠨᠢᠶᠠᠷ ᠲᠡᠶ ᠣᠷᠤᠨ ᠳᠤ ᠨᠠᠷᠠ ᠪᠣᠳᠤᠩᠬᠠᠢ᠌ᠷᠠᠵᠤ᠂ ᠵᠤᠭᠠᠴᠠᠵᠤ ᠳᠤᠭᠤᠷᠢᠬᠤ ᠳᠤ ᠰᠡᠷᠢᠭᠦᠨ ᠰᠢᠭ᠌ ᠪᠠᠢ᠌ᠳᠠᠭ ᠴᠤ ᠵᠢᠷᠤᠭ ᠰᠡᠭᠦᠳᠡᠷ ᠠᠪᠬᠤ ᠳᠤ ᠶᠠᠷᠤᠨᠢ ᠦᠷ᠎ᠡ ᠳ᠋ᠦ᠋ᠩ ᠶᠢᠡᠷ ᠪᠠᠷᠤᠭᠳᠠᠢ ᠪᠣᠯᠳᠠᠭ᠃ ᠭᠡᠪᠠᠴᠤ ᠪᠢ ᠠᠭᠤᠯᠠ ᠣᠰᠤ᠂ ᠡᠪᠠᠰᠤ ᠮᠤᠳᠤ᠂ ᠨᠤᠭᠤᠭᠠᠨ ᠳᠠᠯ᠎ᠠ ᠪᠠ ᠡᠳᠡᠭᠡᠷ ᠪᠦᠭᠦᠨ ᠤ ᠪᠠᠨ ᠡᠵᠡᠨ ᠨᠢ ᠪᠣᠯᠤᠭᠰᠠᠨ ᠡᠷᠭᠡᠳᠤ ᠭᠦᠮᠦᠰ ᠲᠤ ᠰᠡᠭᠦᠳᠡᠷ ᠠᠪᠬᠤ ᠪᠠᠨ ᠶᠠᠷᠤ ᠳᠠᠳᠠᠭᠠᠯᠵᠠᠭᠰᠠᠨ ᠦᠭᠡᠶ᠃

ᠪᠢᠳᠠ ᠰᠢᠷᠭ᠎ᠠ ᠶᠢᠨ ᠵᠢᠯᠠᠭ᠎ᠠ ᠶᠢᠨ ᠵᠡᠭᠦᠨ ᠠᠮᠠᠰᠠᠷ ᠶᠢᠡᠷ ᠣᠷᠤᠵᠤ ᠣᠴᠢᠯ᠎ᠠ᠃ ᠳᠤᠰ ᠵᠢᠯᠠᠭ᠎ᠠ ᠨᠢ ᠵᠡᠭᠦᠨ ᠬᠣᠢ᠌ᠨ᠎ᠠ ᠡᠴᠡ ᠪᠠᠷᠠᠭᠤᠨ ᠡᠮᠦᠨᠡᠰᠢ ᠰᠢᠭ᠌ ᠥᠭ᠍ᠰᠦᠭᠦᠯᠦᠭ᠍ᠰᠡᠨ ᠪᠠᠢ᠌ᠳᠠᠯᠳᠠᠢ᠃ ᠰᠢᠷᠭ᠎ᠠ ᠶᠢᠨ ᠳᠠᠯ᠎ᠠ ᠶᠢᠨ ᠳᠤᠮᠳᠠᠭᠤᠷ ᠪᠦᠷ ᠡ᠊ᠨᠳᠡ ᠳᠠᠠᠳᠠ ᠪᠣᠯᠠᠭ ᠣᠷᠭᠢᠯᠬᠤ ᠪᠦᠭᠡᠳ ᠪᠣᠯᠠᠭ ᠤᠨ ᠣᠰᠤᠨ ᠳᠤ ᠣᠮᠳᠠᠯᠠᠭᠰᠠᠨ ᠨᠤᠭᠤᠭᠠᠨ ᠳᠠᠯ᠎ᠠ ᠰᠠᠷᠠᠭᠤᠯ ᠠᠭᠤᠳᠠᠮ᠂ ᠪᠠᠯᠴᠢᠭᠡᠷ ᠡᠪᠠᠰᠤ ᠢᠭᠴᠢ ᠰᠠᠬᠤᠯᠠᠭ᠃ ᠳᠠᠪᠤᠨ ᠬᠤᠰᠢᠭᠤ ᠮᠠᠯ ᠰᠦᠷᠦᠭ᠌ ᠳᠠᠯ᠎ᠠ ᠶᠢᠨ ᠪᠠᠶ᠎ᠠ ᠪᠠᠷ ᠳᠠᠷᠬᠠᠨ ᠪᠠᠯᠴᠢᠭ᠍ᠰᠡᠨ ᠨᠢ ᠮᠢᠨᠤ ᠣᠢ ᠳᠤ ᠶᠠᠭ ᠵᠢᠷᠤᠭᠳᠤ ᠳᠠᠪᠳᠠᠷ ᠣᠷᠪᠠᠭᠤᠯᠵᠤ ᠪᠠᠢ᠌ᠭ᠎ᠠ ᠮᠠᠳᠤ ᠳᠦᠷᠦᠭ᠍ᠳᠡᠯ ᠦᠭ‍ᠭᠦᠨ᠎ᠡ᠃ ᠳᠤᠰ ᠵᠢᠯᠠᠭ᠎ᠠ ᠳᠤ ᠳᠦᠷᠪᠠ ᠳᠠᠪᠤᠨ ᠵᠤᠰᠠᠯᠠᠩ ᠤᠨ ᠳᠤᠪᠣ ᠪᠠᠢ᠌ᠨ᠎ᠠ᠃ ᠳᠠᠷᠠ ᠨᠢ ᠪᠦᠷ ᠠᠷᠤ ᠶᠢᠨ ᠠᠭᠤᠯᠠ ᠶᠢᠨ ᠡᠮᠦᠨ᠎ᠡ ᠬᠤᠷᠮᠤᠢ ᠳᠤ ᠪᠠᠢ᠌ᠷᠢᠰᠢᠭᠰᠠᠨ ᠨᠢ ᠨᠢᠭᠡᠳᠦᠯᠳᠡᠢ ᠶᠤᠮ᠃ ᠳᠤᠪᠣ ᠪᠦᠷᠢ ᠶᠢᠨ ᠳᠡᠷᠭᠡᠳᠡ ᠳᠤ ᠳᠠᠪᠤᠨ ᠰᠠᠷ᠎ᠠ ᠶᠢᠨ ᠪᠠᠶᠠᠷ ᠤᠨ ᠡᠳᠦᠷ ᠶᠢᠡᠨ ᠥᠩᠭᠡᠷᠡᠭᠦᠯᠭᠦ ᠭᠦᠮᠦᠰ ᠠᠪᠠᠭᠠᠷᠠᠯᠳᠤᠵᠤ᠂ ᠵᠢᠵᠢᠭ᠌ ᠮᠠᠰᠢᠨ᠂ ᠰᠦᠩ ᠬᠤᠧᠨ ᠵᠢᠶᠠᠩ ᠮᠠᠰᠢᠨ᠂ ᠫᠢᠺᠠ ᠳᠡᠷᠭᠡ᠂ ᠮᠤᠲ᠋ᠤᠷ ᠳᠡᠷᠭᠡ᠂ ᠡᠮᠡᠭᠡᠯ ᠲᠡᠶ ᠮᠤᠷᠢ ᠵᠡᠷᠭᠡ ᠨᠢ ᠠᠯᠢ ᠴᠤ ᠳᠤᠪᠤᠨ ᠤ ᠵᠠᠬ᠎ᠠ ᠪᠠᠷ ᠭᠡᠳᠤ ᠭᠡᠳᠤ ᠵᠤᠭᠰᠤᠵᠠᠢ᠃

ᠭᠦᠮᠦᠰ ᠤᠨ ᠵᠠᠷᠢᠮ ᠨᠢ ᠬᠤᠨᠢ ᠨᠢᠳᠤᠯᠵᠤ᠂ ᠵᠠᠷᠢᠮ ᠨᠢ ᠳᠤᠯᠭ᠎ᠠ ᠶᠢᠨ ᠭᠤᠷᠪᠠᠨ ᠴᠢᠯᠠᠭᠤ ᠪᠠᠨ ᠪᠣᠰᠬᠠᠵᠤ᠂ ᠬᠠᠢ᠌ᠪᠣ ᠳᠤᠭᠤᠭ᠎ᠠ ᠳᠤᠯᠤᠭᠠᠤᠨ ᠶᠠᠭᠠᠷᠠᠬᠤ ᠳᠤ ᠵᠠᠷᠢᠮ ᠠᠵᠢᠯ ᠦᠭᠡᠶ ᠨᠢ ᠮᠤᠳᠤᠨ ᠤ ᠰᠡᠭᠦᠳᠡᠷ ᠲᠤ ᠰᠢᠷᠡᠭᠡ ᠳᠠᠯᠪᠢᠵᠤ᠂ 《ᠳᠤᠭᠤᠰᠬ᠎ᠠ ᠵᠡᠷᠭᠡᠯᠡᠵᠤ》 ᠪᠠᠢ᠌ᠨ᠎ᠠ᠂ ᠭᠦᠵᠦᠷ ᠨᠠᠭᠠᠳᠴᠤ ᠪᠠᠢ᠌ᠨ᠎ᠠ᠃ ᠳᠠᠪᠣ ᠳᠤᠯᠤᠭᠠᠨ ᠨᠠᠰᠤᠳᠠᠢ ᠬᠡᠦᠬᠡᠳ ᠳᠠᠯ᠎ᠠ ᠶᠢᠨ ᠳᠤᠮᠳᠠ ᠢᠰᠢᠭᠡ ᠬᠤᠷᠠᠭ᠎ᠠ ᠲᠡᠶ ᠳᠤᠭᠯᠠᠨ ᠪᠠᠢ᠌ᠬᠤ ᠳᠤ ᠠᠷᠪᠠᠭᠠᠤᠨ ᠨᠠᠰᠤᠳᠠᠢ ᠪᠠᠭᠠᠴᠤᠳ ᠠᠭᠤᠯᠠᠨ ᠳᠤ ᠭᠠᠷᠴᠤ ᠢᠯᠠᠮ᠎ᠠ ᠵᠢᠮᠢᠰ ᠳᠡᠭᠦᠨ ᠭᠦᠶ‍ᠦᠯᠳᠦᠨ᠎ᠡ᠃

ᠮᠠᠨᠠᠢ᠌ᠬᠢᠳ ᠰᠤᠭᠤᠳᠤ ᠶᠢᠨ ᠳ᠋ᠦ᠋ᠩ ᠳᠤ ᠣᠷᠤᠬᠤ ᠪᠠᠷ ᠮᠠᠴᠤᠵᠠᠢ᠃ ᠰᠤᠭᠤᠳᠤ ᠶᠢᠨ ᠳ᠋ᠦ᠋ᠩ ᠶᠢᠨ ᠨᠠᠷ᠎ᠠ ᠶᠢᠨ ᠢᠷᠠᠯᠳᠠ ᠶᠢᠨ ᠳᠤᠬᠠᠢ ᠣᠷᠭᠤᠭ᠎ᠠ ᠴᠢᠯᠠᠭᠤ ᠠᠪᠣᠭᠠᠢ ᠪᠢᠳᠠᠨ ᠳᠤ ᠢᠩᠭᠢᠵᠤ ᠳᠠᠨᠢᠯᠴᠠᠭᠤᠯᠵᠠᠢ᠄ ᠡᠷᠳᠡ ᠣᠷᠢᠳᠤ ᠴᠠᠭ ᠲᠤ ᠨᠢᠭᠡ ᠠᠩᠴᠢᠨ ᠭᠦᠤ ᠡᠨᠡᠭᠦᠷ ᠠᠩ ᠠᠪᠠ ᠭᠢᠵᠤ ᠶᠠᠪᠣᠬᠤ ᠳᠤ ᠪᠠᠨ ᠨᠢᠭᠡ ᠰᠤᠭᠤ ᠣᠯᠵᠤ ᠳᠠᠭᠤᠪᠠ᠃ ᠠᠩ ᠤᠨ ᠳᠠᠢ᠌ᠭ᠎ᠠ ᠡᠴᠡ ᠰᠤᠴᠢᠭᠰᠠᠨ ᠰᠤᠭᠤ ᠠᠯᠮᠠᠢ᠌ᠷᠠᠵᠠᠢ᠃ ᠳᠠᠷᠠ ᠳᠤᠳᠠᠭᠠᠭᠰᠠᠭᠠᠷ ᠳᠤᠰ ᠠᠭᠤᠢ ᠶᠢᠨ ᠠᠮᠠᠰᠠᠷ ᠶᠢᠡᠷ ᠣᠷᠤᠭᠠᠤᠨ ᠣᠴᠢᠭᠰᠠᠨ ᠴᠢᠨᠢ ᠳᠤᠳᠤᠭᠰᠢ ᠶᠠᠪᠣᠬᠤ ᠳᠤᠳᠤᠮ ᠬᠠᠪᠴᠢᠯ ᠨᠢ ᠨᠠᠷᠢᠰᠴᠤ ᠨᠠᠷᠢᠰᠤᠭᠰᠠᠭᠠᠷ ᠪᠢᠳᠡᠭᠦᠷᠡᠵᠤ᠂ ᠡᠴᠦᠰ ᠲᠤ ᠪᠠᠨ ᠠᠩᠴᠢᠨ ᠳᠤ ᠪᠠᠷᠢᠭᠳᠠᠵᠠᠢ᠃ ᠳᠡᠭᠡᠭᠡᠳ ᠳᠤᠰ ᠠᠭᠤᠢ ᠶᠢ ᠢᠯᠡᠷᠡᠭᠦᠯᠦᠭ᠍ᠰᠡᠨ ᠡᠴᠡ ᠰᠤᠭᠤᠳᠤ ᠶᠢᠨ ᠠᠭᠤᠢ ᠭᠡᠵᠤ ᠨᠡᠷᠡᠢ᠌ᠳᠦᠭ᠍ᠰᠡᠨ ᠭᠡᠨ᠎ᠡ᠃

ᠳᠤᠰ ᠠᠭᠤᠢ ᠨᠢ ᠪᠠᠷᠤᠭ ᠪᠠᠷᠠᠭᠤᠨ ᠡᠴᠡ ᠵᠡᠭᠦᠡᠰᠢ ᠴᠢᠭᠯᠡᠭ᠍ᠰᠡᠨ ᠮᠠᠶ‍ᠢᠭᠳᠠᠢ ᠨᠠᠷᠢᠬᠠᠨ ᠠᠮᠠᠰᠠᠷ ᠲᠡᠶ᠃ ᠵᠠᠷᠢᠮ ᠭᠠᠵᠠᠷ ᠲᠤ ᠪᠠᠨ ᠭᠠᠭᠴᠠ ᠭᠦᠮᠤᠨ ᠶᠠᠪᠣᠵᠤ ᠪᠣᠯᠬᠤ ᠳᠠᠢ᠌ᠮᠤ ᠨᠠᠷᠢᠨ ᠪᠠᠢ᠌ᠳᠠᠭ᠃ ᠠᠭᠤᠢ ᠶᠢᠨ ᠳᠤᠳᠤᠭᠠᠳᠤ ᠪᠠᠢ᠌ᠳᠠᠯ ᠨᠢ ᠪᠦᠭᠡᠷᠡᠩᠭᠡᠢ ᠭᠡᠯᠪᠠᠷᠢ ᠲᠡᠶ᠂ ᠳᠤᠮᠳᠠᠭᠤᠷ ᠶᠢᠡᠨ ᠠᠭᠤᠵᠢᠭᠤ᠂ ᠳᠡᠭᠡᠭᠦᠷ ᠶᠢᠡᠨ ᠪᠢᠳᠡᠭᠦᠤ ᠪᠢᠰᠢ᠂ ᠳᠡᠭᠡᠭ᠍ᠰᠢ ᠬᠠᠷᠠᠪᠠᠯ ᠨᠠᠪ ᠨᠠᠷᠢᠬᠠᠨ ᠣᠷᠳᠤ ᠪᠠᠷ ᠳᠡᠭ᠍ᠷᠢ ᠶᠢ ᠣᠯᠵᠤ ᠬᠠᠷᠠᠳᠠᠭ ᠶᠤᠮ᠃

ᠠᠭᠤᠢ ᠶᠢᠨ ᠣᠯᠠᠨ ᠭᠠᠵᠠᠷ ᠲᠤ ᠳᠤᠨᠤᠳᠠᠰᠤ ᠲᠡᠶ᠃ ᠨᠠᠷᠠ ᠰᠠᠯᠭᠢ ᠨᠡᠪᠳᠡᠷᠡᠭᠦ ᠪᠣᠯᠬᠤᠷ ᠣᠷᠭᠤᠮᠠᠯ ᠡᠪᠠᠰᠤ ᠢᠭᠴᠢ ᠰᠠᠬᠤᠯᠠᠭ᠃ ᠰᠤᠨᠢᠷᠬᠠᠯᠳᠠᠢ ᠰᠠᠢ᠌ᠬᠠᠨ ᠣᠯᠠᠨ ᠣᠷᠭᠤᠮᠠᠯ ᠤᠨ ᠵᠠᠷᠢᠮ ᠳ᠋ᠤᠨᠢ ᠨᠠᠷ᠎ᠠ ᠥᠭ᠍ᠴᠤ ᠳᠠᠢ᠌ᠯᠤᠨ᠎ᠠ᠂ ᠵᠠᠷᠢᠮ ᠢ ᠨᠢ ᠨᠠᠷᠠᠯᠠᠵᠤ ᠳᠡᠢ᠌ᠯᠭᠦ ᠦᠭᠡᠶ᠃ ᠠᠭᠤᠢ ᠶᠢᠨ ᠠᠮᠠᠰᠠᠷ ᠲᠤ ᠣᠯᠠᠨ ᠬᠠᠷᠠᠭᠤᠯ ᠴᠠᠭᠳᠠᠭ᠎ᠠ ᠰᠢᠭ᠌ ᠰᠡᠭᠦᠢᠯᠴᠡᠨ ᠣᠷᠭᠤᠭᠰᠠᠨ ᠨᠢ ᠬᠠᠢ᠌ᠯᠠᠰᠤᠨ ᠮᠤᠳᠤ᠂ ᠴᠠᠷᠠᠰᠤᠨ ᠮᠤᠳᠤ ᠦᠷ᠎ᠡ ᠶᠢ ᠨᠢ ᠭᠠᠷᠰᠤ ᠭᠡᠳᠡᠭ᠌᠂ ᠪᠣᠯᠪᠠᠰᠤᠷᠠᠭᠰᠠᠨ ᠤ ᠳᠠᠷᠠᠭ᠎ᠠ ᠮᠠᠯ ᠭᠠᠬᠠᠢ ᠢᠳᠠᠪᠠᠯ ᠣᠠᠴᠠ ᠳᠠᠷᠭᠤᠯᠠᠳᠠᠭ᠂ ᠪᠠᠳᠤᠴᠠᠠᠭᠠᠨ ᠮᠤᠳᠤ ᠶ‍ᠢᠰᠦᠳᠦᠭᠡᠷ ᠰᠠᠷ᠎ᠠ ᠪᠣᠯᠬᠤ ᠪᠠᠷ ᠨᠠᠪᠴᠢ ᠨᠢ ᠰᠢᠷᠠᠯᠠᠬᠤ ᠨᠢ ᠰᠢᠷᠠᠯᠠᠵᠤ᠂ ᠣᠯᠠᠢ᠌ᠬᠤ ᠨᠢ ᠣᠯᠠᠢ᠌ᠭᠠᠤᠨ ᠣᠠᠴᠠ ᠶᠢᠨ ᠭᠤᠶᠤᠮᠰᠤᠭ ᠪᠣᠯᠤᠭᠠᠤᠨ ᠡᠳᠡᠭᠡᠳ ᠦᠵᠡᠮᠵᠢ ᠪᠣᠯᠳᠠᠭ᠂ ᠦᠷᠢᠯ ᠤᠨ ᠮᠤᠳᠤ ᠣᠳᠤ ᠵᠢᠮᠢᠰ ᠨᠢ ᠭᠢᠮᠤᠰᠤᠨ ᠳᠤᠯᠢ ᠶᠢᠨ ᠭᠢᠷᠢ ᠪᠣᠯᠵᠤ ᠪᠠᠢ᠌ᠨ᠎ᠠ᠃ ᠮᠠᠨ ᠤ ᠨᠤᠳᠤᠭ ᠤᠨ ᠭᠦᠮᠦᠰ ᠦᠷᠢᠯ ᠤᠨ ᠮᠤᠳᠤ ᠪᠠᠷ ᠥᠯᠦᠭᠡᠢ ᠶᠢᠨ ᠠᠷᠠᠯ ᠬᠤᠯᠪᠣᠭᠠᠰᠤ ᠭᠢᠳᠡᠭ᠌᠃ ᠣᠴᠢᠷ ᠨᠢ ᠦᠷᠢᠯ ᠤᠨ ᠮᠤᠳᠤ ᠴᠢᠨᠠᠷ ᠰᠠᠢ᠌ᠳᠠᠢ ᠪᠦᠭᠡᠳ ᠨᠠᠩ ᠴᠢᠬᠤᠯᠠ ᠨᠢ ᠳᠠᠷᠠ ᠪᠣᠯ ᠦᠷ᠎ᠡ ᠵᠢᠮᠢᠰ ᠣᠯᠠᠨ ᠰᠠᠭᠤᠬᠤ ᠪᠣᠯᠬᠤᠷ ᠨᠢᠯᠬ᠎ᠠ ᠬᠡᠦᠬᠡᠳ ᠶᠢᠨ ᠶᠢᠡᠨ ᠬᠤᠵᠢᠮ ᠦᠷᠠᠵᠢᠵᠤ ᠳᠡᠯᠭᠡᠷᠡᠭᠦ ᠶᠢ ᠪᠠᠯᠭᠡᠳᠡᠵᠤ ᠪᠠᠢ᠌ᠭ᠎ᠠ ᠶᠤᠮ᠃ ᠳᠤᠳᠤᠭᠰᠢ ᠣᠷᠤᠪᠠᠯ ᠶᠠᠰᠢᠯ ᠮᠤᠳᠤ ᠨᠠᠪᠴᠢ ᠨᠢ ᠭᠦᠢᠯᠡᠰᠤᠨ ᠮᠤᠳᠤᠨ ᠤ ᠭᠢ ᠰᠢᠭ᠌ ᠪᠣᠯᠪᠠᠴᠤ ᠳᠡᠭᠦᠨ ᠡᠴᠡ ᠭᠢᠯᠠᠢ᠌ᠯᠳᠠᠩ᠂ ᠶᠠᠭᠠᠭᠢᠭᠰᠠᠨ ᠢ ᠮᠡᠳᠡᠭᠦ ᠦᠭᠡᠶ ᠪᠦᠷ ᠨᠠᠪᠴᠢᠯᠠᠵᠤ ᠳᠡᠢ᠌ᠯᠭᠦ ᠦᠭᠡᠶ ᠪᠠᠢ᠌ᠨ᠎ᠠ᠂ ᠨᠠᠪᠴᠢ ᠦᠭᠡᠶ ᠬᠤᠪᠠᠬᠠᠢ ᠪᠣᠯᠤᠭᠰᠠᠨ ᠨᠢ ᠣᠯᠠᠰᠢᠷᠠᠵᠠᠢ᠂ ᠣᠭ ᠳᠠᠰᠤᠷᠠᠬᠤ ᠭᠡᠵᠤ ᠪᠠᠢ᠌ᠬᠤ ᠶᠤᠮ ᠦᠦ ᠭᠡᠵᠤ ᠪᠢ ᠵᠤᠪᠠᠵᠤ ᠪᠠᠢ᠌ᠨ᠎ᠠ᠃ ᠳᠤᠰ ᠮᠤᠳᠤ ᠶᠢᠨ ᠭᠤᠤᠯ ᠨᠢ ᠣᠯᠠᠭᠠᠨ ᠥᠩᠭᠡ ᠲᠡᠶ᠂ ᠬᠤᠭᠤᠷ ᠤᠨ ᠠᠷᠠᠯ ᠭᠢᠨ᠎ᠠ᠂ ᠪᠠᠰᠠ ᠥᠯᠦᠭᠡᠢ ᠶᠢᠨ ᠢᠯᠠᠤ ᠭᠢᠳᠡᠭ᠌᠃ ᠱᠸᠪᠠᠷ ᠮᠤᠳᠤ ᠪᠠᠭ᠎ᠠ ᠪᠠᠶᠠᠳᠠᠢ᠂ ᠪᠣᠳᠠᠯᠠᠭ ᠮᠤᠳᠤ᠂ ᠮᠢᠨᠤ ᠨᠤᠳᠤᠭ ᠤᠨ ᠱᠸᠪᠠᠷᠳᠤ ᠭᠡᠭᠦ ᠨᠠᠷᠠᠢ᠌ᠳᠤᠯ ᠨᠢ ᠡᠨᠡ ᠮᠤᠳᠤᠨ ᠡᠴᠡ ᠢᠷᠡᠭ᠍ᠰᠡᠨ ᠪᠠ ᠭᠡᠵᠤ ᠪᠢ ᠳᠠᠭᠠᠭᠠᠮᠠᠭᠯᠠᠨ᠎ᠠ᠂ ᠡᠮᠡᠭᠡᠨ ᠴᠠᠭᠠᠨ ᠮᠤᠳᠤ ᠨᠠᠪᠴᠢ ᠨᠢ ᠭᠦᠢᠯᠡᠰᠤᠨ ᠮᠤᠳᠤᠨ ᠤ ᠭᠢ ᠡᠴᠡ ᠳᠤᠮᠤ᠂ ᠳᠤᠯᠤᠭᠠᠨ᠎ᠠ ᠮᠤᠳᠤ ᠵᠢᠮᠢᠰ ᠨᠢ ᠢᠳᠡᠭᠦ ᠪᠣᠯᠤᠭ᠎ᠠ ᠦᠭᠡᠶ᠂ ᠣᠳᠠ ᠮᠤᠳᠤ ᠡ᠊ᠨᠳᠡᠭᠢ ᠣᠳᠠ ᠮᠤᠳᠤ ᠨᠢ ᠳᠠᠪᠣ ᠳᠤᠯᠤᠭᠤᠯᠠ ᠪᠠᠨ ᠪᠠᠭᠯᠠᠷᠠᠨ ᠣᠷᠭᠤᠭᠰᠠᠨ ᠨᠢ ᠶᠠᠭ ᠪᠣᠳᠠᠯᠠᠭ ᠮᠤᠳᠤ ᠰᠢᠭ᠌ ᠶᠡᠭᠡ ᠰᠤᠨᠢᠷᠬᠠᠯᠳᠠᠢ᠂ ᠢᠯᠠᠮ᠎ᠠ ᠶᠢᠨ ᠮᠤᠳᠤ ᠭᠦᠷᠢ ᠳᠡᠵᠢᠭᠡᠳᠡᠭ᠌ ᠡᠨᠡ ᠮᠤᠳᠤᠨ ᠤ ᠵᠢᠮᠢᠰ ᠨᠢ ᠣᠳᠤ ᠶᠠᠭ ᠰᠠᠢ᠌ᠬᠠᠨ ᠪᠣᠯᠪᠠᠰᠤᠷᠠᠵᠤ ᠪᠠᠢ᠌ᠨ᠎ᠠ᠂ ᠭᠦᠢᠯᠡᠰᠤᠨ ᠮᠤᠳᠤ ᠵᠢᠮᠢᠰ ᠪᠣᠯᠪᠠᠰᠤᠷᠠᠭ᠎ᠠ ᠦᠭᠡᠶ᠂ ᠪᠣᠯᠪᠠᠰᠤᠷᠠᠵᠤ ᠭᠦᠢᠴᠡᠪᠠᠯ ᠨᠤᠳᠤᠭ ᠤᠨ ᠭᠦᠮᠦᠰ ᠳᠡᠭᠦᠵᠤ ᠶᠠᠰᠤ ᠴᠢᠮᠦᠭᠡ ᠶᠢ ᠨᠢ ᠬᠤᠳᠠᠯᠳᠤᠨ᠎ᠠ᠂ ᠳᠠᠯᠳᠤ ᠮᠤᠳᠤ ᠨᠠᠪᠴᠢ ᠨᠢ ᠬᠠᠢ᠌ᠯᠠᠰᠤᠨ ᠮᠤᠳᠤᠨ ᠤ ᠭᠢ ᠲᠡᠶ ᠠᠳᠠᠯᠢᠪᠳᠤᠷ᠂ ᠨᠤᠳᠤᠭ ᠤᠨ ᠭᠦᠮᠦᠰ ᠪᠣᠷᠭᠠᠰᠤ ᠪᠠᠷ ᠨᠢ ᠥᠯᠦᠭᠡᠢ ᠶᠢᠨ ᠬᠠᠷᠠᠭ᠎ᠠ 《ᠮᠠᠬᠠᠷᠠ》 ᠮᠠᠳᠠᠬᠤ ᠳᠤᠷᠠᠳᠠᠢ᠃ ᠡᠭᠦᠨ ᠡᠴᠡ ᠭᠠᠳᠠᠨ᠎ᠠ ᠪᠠᠰᠠ ᠣᠯᠠᠨ ᠵᠣᠢ᠌ᠯ ᠤᠨ ᠮᠤᠳᠤ ᠪᠠᠢ᠌ᠨ᠎ᠠ ᠭᠡᠨ᠎ᠡ᠃

ᠰᠤᠭᠤᠳᠤ ᠶᠢᠨ ᠠᠭᠤᠢ ᠳᠤ ᠪᠠᠰᠠ ᠣᠯᠠᠨ ᠵᠣᠢ᠌ᠯ ᠤᠨ ᠡᠪᠠᠰᠤ ᠪᠠᠢ᠌ᠳᠠᠭ᠃ ᠬᠠᠯᠠᠭᠠᠢ ᠡᠪᠠᠰᠤ ᠣᠤᠯ ᠨᠢ ᠮᠠᠨ ᠤ ᠨᠤᠳᠤᠭ ᠲᠤ ᠪᠠᠰᠠ ᠪᠠᠢ᠌ᠭᠰᠠᠨ᠃ ᠳᠠᠷᠠ ᠨᠢ ᠬᠠᠯᠠᠭᠤᠨ ᠴᠢᠨᠠᠷᠳᠠᠢ᠃ ᠳᠡᠮᠡᠭᠡ ᠳᠡᠭᠦᠨ ᠢ ᠢᠳᠠᠪᠠᠯ ᠠᠮᠠ ᠨᠢ ᠬᠠᠯᠠᠭᠠᠤᠨ ᠳᠡᠰᠭᠦ ᠦᠭᠡᠶ ᠪᠣᠯᠬᠤ ᠳᠤ ᠪᠠᠨ ᠳᠡᠭᠡᠭ᠍ᠰᠢ ᠥᠯᠡᠢ᠌ᠳᠡᠭ᠌᠃ ᠳᠡᠭᠡᠭᠦ ᠪᠠᠷ ᠨᠢ ᠮᠠᠨ ᠤ ᠨᠤᠳᠤᠭ ᠲᠤ ᠣᠮᠤᠷᠬᠠᠭ ᠰᠠᠭᠰᠠᠭᠤ᠂ ᠳᠡᠭᠡᠭ᠍ᠰᠢ ᠥᠯᠡᠢ᠌ᠭᠡᠳ ᠪᠠᠷᠤᠭᠳᠠᠢ ᠭᠦᠮᠤᠨ ᠲᠡᠶ ᠶᠠᠪᠣᠯᠴᠠᠬᠤ ᠦᠭᠡᠶ ᠭᠦᠮᠤᠨ ᠢ 《ᠬᠠᠯᠠᠭᠠᠢ ᠢᠳᠡᠭ᠍ᠰᠡᠨ ᠳᠡᠮᠡᠭᠡ ᠰᠢᠭ᠌》 ᠭᠡᠵᠤ ᠵᠥᠢᠷᠯᠡᠳᠡᠭ᠌᠃ ᠭᠡᠭᠡᠷ᠎ᠡ ᠶᠢᠨ ᠬᠤᠸᠩᠭ᠋ᠤᠧᠨ ᠨᠢ ᠨᠠᠯᠢᠶᠠᠤᠨ ᠣᠷᠳᠤ ᠵᠠᠯ᠎ᠠ ᠬᠠᠶᠠᠵᠠᠢ᠃ ᠭᠡᠷ ᠤᠨ ᠬᠤᠸᠩᠭ᠋ᠤᠧᠨ ᠲᠡᠶ ᠪᠠᠷᠤᠭ ᠠᠳᠠᠯᠢ᠃ ᠬᠠᠳᠠᠨ ᠤ ᠳᠡᠭᠡᠷ᠎ᠡ ᠨᠢᠭᠡ ᠳ᠋ᠢᠭᠤᠧᠨ ᠶᠢᠨ ᠵᠠᠯ᠎ᠠ ᠰᠢᠭ᠌ ᠣᠷᠭᠤᠵᠤ ᠪᠠᠢ᠌ᠭ᠎ᠠ ᠡᠪᠠᠰᠤ ᠶᠢ ᠣᠷᠭᠤᠭ᠎ᠠ ᠴᠢᠯᠠᠭᠤ ᠠᠪᠣᠭᠠᠢ ᠮᠥᠩᠭᠡ ᠴᠠᠢ ᠭᠡᠵᠤ ᠨᠠᠷᠠᠯᠠᠵᠠᠢ᠃ ᠣᠤᠯ ᠨᠢ ᠨᠤᠳᠤᠭ ᠤᠨ ᠭᠦᠮᠦᠰ ᠴᠠᠢ ᠣᠯᠵᠤ ᠣᠤᠭᠤᠬᠤ ᠦᠭᠡᠶ ᠪᠣᠯ ᠳᠡᠭᠦᠡ ᠢ ᠴᠡᠢ᠌ᠯᠡᠭᠡᠳ ᠣᠤᠭᠤᠳᠠᠭ ᠪᠠᠢ᠌ᠭᠰᠠᠨ ᠭᠡᠨ᠎ᠡ᠃ ᠢᠤᠢ ᠵᠤ ᠡᠪᠠᠰᠤ ᠨᠢ ᠪᠦᠳᠦᠭᠦᠨ ᠳᠤᠮᠤ ᠴᠠᠯ ᠨᠤᠭᠤᠭᠠᠨ ᠭᠤᠶᠤ ᠨᠠᠪᠴᠢ ᠲᠡᠶ᠂ ᠡᠮ ᠤᠨ ᠮᠠ᠊ᠲ᠋ᠸᠷᠢᠶᠠᠯ ᠪᠣᠯᠤᠨ᠎ᠠ᠃ ᠳᠠᠯ᠎ᠠ ᠶᠢᠨ ᠭᠦᠪᠠᠭᠡ ᠠᠭᠤᠯᠠ ᠶᠢᠨ ᠬᠤᠷᠮᠤᠢ ᠳᠤ ᠪᠣᠳᠠᠯᠠᠨ ᠣᠷᠭᠤᠭᠰᠠ ᠭᠠᠯᠵᠠᠭᠤ ᠪᠣᠩ ᠡᠨ᠂ ᠣᠰᠤᠨ ᠪᠣᠩ ᠡᠨ ᠡᠪᠠᠰᠤ ᠨᠢ ᠭᠦᠮᠤᠨ ᠮᠠᠯ ᠢᠳᠠᠪᠠᠯ ᠬᠤᠤᠷᠳᠠᠭᠳᠠᠨ᠎ᠠ᠃ ᠭᠡᠪᠠᠴᠤ ᠳᠤᠰ ᠡᠪᠠᠰᠤ ᠶᠢ ᠪᠣᠯᠪᠠᠰᠤᠷᠠᠭᠰᠠᠨ ᠤ ᠳᠠᠷᠠᠭ᠎ᠠ ᠬᠤᠶᠠᠷ ᠴᠢᠯᠠᠭᠤᠨ ᠬᠠᠪᠳᠠᠰᠤᠨ ᠤ ᠵᠠᠪᠰᠠᠷ ᠬᠠᠪᠴᠢᠭᠤᠯᠵᠤ ᠰᠠᠢ᠌ᠬᠠᠨ ᠬᠠᠳᠠᠭᠠᠵᠤ ᠪᠣᠯᠪᠠᠰᠤᠷᠠᠭᠤᠯᠪᠠᠯ ᠭᠦᠯ ᠨᠢᠷᠤᠭᠤᠨ ᠤ ᠡᠪᠡᠳᠴᠢᠨ ᠢ ᠵᠠᠰᠠᠬᠤ ᠡᠮ ᠪᠣᠯᠤᠨ᠎ᠠ᠃ ᠯᠠᠩ ᠳᠸᠤ ᠡᠪᠠᠰᠤ ᠨᠢ ᠬᠠᠳᠠ ᠴᠢᠯᠠᠭᠤᠨ ᠤ ᠵᠠᠪᠰᠠᠷ ᠲᠤ ᠨᠢᠮᠭᠡᠨ ᠰᠠᠭᠤᠭᠰᠠᠨ ᠭᠦᠷᠦᠰᠤ ᠶᠢ ᠠᠰᠢᠭᠯᠠᠵᠤ ᠣᠷᠭᠤᠭᠰᠠᠨ ᠣᠷᠳᠤᠯᠵᠢᠨ ᠪᠣᠵᠠᠭᠠᠢ ᠨᠠᠪᠴᠢ ᠲᠡᠶ᠂ ᠣᠭ ᠳᠤᠨᠢ ᠵᠢᠵᠢᠭ᠌ ᠴᠠᠭᠠᠨ ᠲᠦᠮᠦᠰᠦ ᠲᠡᠶ᠂ ᠳᠡᠭᠡᠭᠦ ᠪᠠᠷ ᠨᠢ ᠡ᠊ᠨᠳᠡᠭᠢ ᠭᠦᠮᠦᠰ ᠢᠩᠭᠢᠵᠤ ᠨᠠᠷᠠᠢ᠌ᠳᠤᠵᠠᠢ᠃ ᠳᠠᠯ᠎ᠠ ᠶᠢᠨ ᠪᠠᠶ᠎ᠠ ᠶᠢ ᠵᠢᠵᠢᠭ᠌ ᠰᠢᠷ᠎ᠠ ᠬᠤᠸᠠᠷ ᠲᠡᠶ ᠨᠤᠭᠤᠭᠠᠨ ᠳᠡᠷᠯᠢᠭ᠌ ᠶᠢᠡᠷ ᠦᠪᠴᠢ ᠴᠢᠮᠡᠭ᠍ᠰᠡᠨ ᠨᠢ ᠳᠠᠤᠯᠠᠢ ᠶᠢᠨ ᠳᠠᠩᠨᠠᠢ ᠶᠢᠨ ᠡᠪᠠᠰᠤ ᠪᠣᠯᠤᠨ᠎ᠠ᠃

ᠰᠢᠷᠭ᠎ᠠ ᠶᠢᠨ ᠵᠢᠯᠠᠭ᠎ᠠ ᠨᠢ ᠵᠡᠭᠦᠨ ᠶᠢᠡᠨ ᠳᠤᠤᠷ᠎ᠠ᠂ ᠪᠠᠷᠠᠭᠤᠨ ᠶᠢᠡᠨ ᠳᠡᠭᠡᠷ᠎ᠡ ᠪᠠᠢ᠌ᠳᠠᠭ ᠨᠠᠯᠢᠶᠠᠤᠨ ᠦᠷᠭᠡᠨ ᠬᠠᠪᠴᠢᠯ ᠶᠤᠮ᠃ ᠪᠢᠳᠠ ᠪᠠᠷᠠᠭᠤᠠᠰᠢ ᠥᠵᠦᠭᠦᠷ ᠨᠢ ᠭᠠᠷᠤᠭᠰᠠᠨ ᠦᠭᠡᠶ᠃ ᠭᠡᠳᠦᠢ ᠠᠢ᠌ᠯ ᠵᠤᠰᠠᠬᠤ ᠪᠠᠢ᠌ᠬᠤ ᠶᠢ ᠮᠡᠳᠡᠭ᠍ᠰᠡᠨ ᠦᠭᠡᠶ᠃ ᠬᠠᠷᠠᠭᠠᠨ ᠳᠤ ᠦᠷᠳᠡᠭ᠍ᠰᠡᠨ ᠭᠤᠷᠪᠠ ᠳᠦᠷᠪᠠᠨ ᠳᠤᠪᠣ ᠨᠢ ᠪᠦᠷ ᠪᠣᠯᠠᠭ ᠤᠨ ᠣᠰᠤᠨ ᠳᠤ ᠪᠠᠨ ᠳᠦᠰᠢᠭ᠍ᠰᠡᠨ ᠪᠣᠯᠬᠤ ᠶᠢ ᠪᠢᠳᠠ ᠬᠤᠳᠳᠤᠭ ᠪᠠᠢ᠌ᠬᠤ ᠦᠭᠡᠶ ᠪᠠᠷ ᠨᠢ ᠭᠠᠳᠠᠷᠯᠠᠵᠠᠢ᠃ ᠰᠢᠷᠭ᠎ᠠ ᠭᠡᠵᠤ ᠨᠠᠷᠠᠯᠠᠵᠤ ᠪᠠᠢ᠌ᠭ᠎ᠠ ᠨᠢ ᠴᠢᠩᠭᠢᠰ ᠤᠨ ᠨᠢ᠋ᠮᠠᠨ ᠰᠢᠷᠭ᠎ᠠ ᠳᠤ ᠬᠤᠯᠪᠣᠭᠳᠠᠬᠤ ᠪᠣᠯᠤᠯᠴᠠᠭ᠎ᠠ ᠦᠭᠡᠶ ᠪᠣᠯᠪᠠᠴᠤ ᠰᠢᠷᠭ᠎ᠠ ᠮᠤᠷᠢ ᠲᠡᠶ ᠬᠤᠯᠪᠣᠭ᠎ᠠ ᠲᠡᠶ ᠪᠣᠯᠬᠤ ᠨᠢ ᠭᠠᠷᠴᠠᠭ᠎ᠠ ᠦᠭᠡᠶ᠃ ᠵᠢᠯᠠᠭ᠎ᠠ ᠶᠢᠨ ᠬᠣᠢ᠌ᠳᠠᠢ ᠠᠭᠤᠯᠠᠰ ᠤᠨ ᠳᠤᠮᠳᠠ ᠬᠠᠮᠤᠭ ᠦᠨᠳᠦᠷ ᠬᠠᠷᠠᠭᠳᠠᠬᠤ ᠨᠢ ᠰᠠᠭᠤᠯᠠᠭᠠᠳᠤ ᠶᠢᠨ ᠬᠠᠳᠠ ᠪᠣᠯᠤᠨ᠎ᠠ᠃ ᠳᠤᠰ ᠬᠠᠳᠠ ᠨᠢ ᠰᠠᠭᠤᠯᠠᠭ᠎ᠠ ᠭᠡᠯᠪᠠᠷᠢ ᠲᠡᠶ ᠪᠣᠯᠬᠤ ᠪᠠᠷ ᠢᠩᠭᠢᠵᠤ ᠨᠡᠷᠡᠯᠡᠭ᠍ᠰᠡᠨ ᠪᠣᠯᠤᠯᠳᠠᠢ᠃ ᠳᠠᠷᠠ ᠨᠢ ᠰᠠᠴᠠᠨ ᠱᠦᠵᠢ ᠶᠢᠨ ᠵᠤᠰᠠᠯᠠᠩ ᠤᠨ ᠶᠠᠭ ᠠᠷᠤ ᠳᠠᠯ᠎ᠠ ᠳ᠋ᠤᠨᠢ ᠳᠦᠰᠢᠯᠭᠡ ᠪᠣᠯᠤᠨ ᠪᠠᠢ᠌ᠷᠢᠰᠢᠵᠠᠢ᠃ ᠣᠷᠭᠤᠭ᠎ᠠ ᠴᠢᠯᠠᠭᠤ ᠠᠪᠣᠭᠠᠢ ᠶᠢᠨ ᠶᠠᠷᠢᠬᠤ ᠪᠠᠷ᠂ ᠭᠡᠷᠪᠡ ᠳᠤᠩᠭ᠋ᠠᠯᠠᠭ ᠡᠳᠦᠷ ᠳᠤᠰ ᠬᠠᠳᠠᠨ ᠳᠡᠭᠡᠷ᠎ᠡ ᠭᠠᠷᠤᠭᠠᠤᠨ ᠪᠠᠷᠠᠭᠠᠯᠠᠪᠠᠯ᠂ ᠪᠦᠭᠦᠢᠯᠡ ᠠᠭᠤᠯᠠ ᠶᠢᠨ ᠳᠤᠯᠤᠭᠠᠤᠨ ᠢ ᠪᠦᠷ ᠣᠯᠵᠤ ᠬᠠᠷᠠᠬᠤ ᠪᠦᠭᠡᠳ ᠥᠯᠢᠭᠡᠷ ᠳᠡᠦᠭᠡ ᠳᠤ ᠭᠠᠷᠳᠠᠭ ᠢᠮᠠᠭᠠᠳᠤ ᠶᠢᠨ ᠠᠭᠤᠯᠠ ᠶᠢ ᠴᠤ ᠳᠤᠳᠤᠷᠬᠠᠢ ᠣᠯᠵᠤ ᠬᠠᠷᠠᠬᠤ ᠶᠤᠮ ᠭᠡᠨ᠎ᠡ᠃ ᠬᠠᠷᠠᠮᠰᠠᠯᠳᠠᠢ ᠨᠢ ᠡᠨᠡ ᠡᠳᠦᠷ ᠪᠠᠭ᠎ᠠ ᠣᠨᠢᠶᠠᠷ ᠭᠦᠳᠡᠩ ᠲᠡᠶ᠂ ᠳᠠᠢ᠌ᠮᠤ ᠪᠢᠰᠢ ᠪᠣᠯ ᠪᠢᠳᠠ ᠬᠠᠳᠠᠨ ᠳᠤ ᠠᠪᠠᠷᠢᠵᠤ᠂ ᠬᠠᠰᠠᠷ ᠤᠨ ᠬᠠᠷᠪᠣᠭᠰᠠᠨ ᠶᠤᠮ ᠦᠦ ︕ ᠭᠡᠰᠡᠷ ᠤᠨ ᠬᠠᠷᠪᠣᠭᠰᠠᠨ ᠶᠤᠮ ᠦᠦ ︕ ᠢᠮᠠᠭᠠᠳᠤ ᠶᠢᠨ ᠠᠭᠤᠯᠠ ᠶᠢᠨ ᠰᠡᠳᠡᠷᠭᠡᠢ ᠶᠢ ᠶᠠᠮᠠᠷ ᠰᠠᠢ᠌ᠨ ᠡᠷ᠎ᠡ ᠬᠠᠷᠪᠣᠪᠠ ︖ ᠭᠡᠵᠤ ᠳᠠᠭᠤᠯᠠᠨ ᠬᠠᠷᠪᠣᠭᠰᠠᠨ ᠰᠡᠳᠡᠷᠭᠡᠢ ᠶᠢ ᠨᠢ ᠨᠢᠳᠤ ᠪᠠᠷ ᠶᠢᠡᠨ ᠥᠵᠡᠭᠦ ᠪᠠᠢ᠌ᠭᠰᠠᠨ ᠳ᠋ᠠ ︕

ᠦᠳᠡ ᠳᠤ᠂ ᠰᠠᠢ᠌ᠬᠠᠨ ᠵᠠᠩ ᠲᠡᠶ ᠮᠠᠯᠴᠢᠳ ᠮᠠᠨᠢ ᠮᠠᠰᠢᠨ ᠳᠡᠷᠭᠡ ᠪᠠᠷ᠂ ᠮᠤᠲ᠋ᠤᠷ ᠳᠡᠷᠭᠡ ᠪᠠᠷ ᠳᠠᠯ᠎ᠠ ᠶᠢᠨ ᠰᠠᠢ᠌ᠬᠠᠨ ᠶᠢᠡᠷ ᠨᠠᠰᠢ ᠴᠠᠰᠢ ᠳᠠᠪᠭᠢᠭᠤᠯᠤᠨ᠂ ᠳᠤᠪᠣ ᠳᠠᠷᠠᠭᠠᠯᠠᠨ ᠪᠠᠭᠤᠯᠴᠠᠵᠤ᠂ ᠠᠮᠳᠠᠳᠤ ᠰᠢᠭᠦᠰᠤ ᠡᠴᠡ ᠠᠮᠰᠠᠨ᠂ ᠠᠷᠠᠵᠠ ᠠᠷᠢᠭᠢ ᠪᠠᠨ ᠪᠠᠯᠭᠤᠵᠤ᠂ ᠠᠷᠠᠯᠳᠤ ᠬᠤᠭᠤᠷ ᠶᠢᠡᠨ ᠭᠦᠭ᠍ᠵᠢᠮᠳᠡᠨ᠂ ᠠᠷᠠᠤᠨ ᠤᠨ ᠳᠠᠭᠤᠤ ᠪᠠᠨ ᠳᠠᠭᠤᠯᠠᠵᠠᠭᠠᠨ᠂ ᠪᠠᠶᠠᠷ ᠤᠨ ᠡᠳᠦᠷ ᠤᠨ ᠪᠠᠶᠠᠷ ᠪᠠᠬᠠᠳᠤᠯ ᠶᠢᠡᠨ ᠬᠤᠪᠢᠶᠠᠯᠴᠠᠨ ᠡᠳ᠋ᠯᠡᠭᠦ ᠨᠢ ᠶᠠᠭᠤᠳᠠᠢ ᠵᠢᠷᠭᠠᠯᠳᠠᠢ᠂ ᠶᠠᠭᠤᠳᠠᠢ ᠠᠳᠠᠭᠠᠷᠠᠯᠳᠠᠢ ᠪᠢᠯᠠ ︕ ᠠᠭᠤᠯᠠ ᠨᠢ ᠦᠨᠳᠦᠷ᠂ ᠣᠰᠤ ᠨᠢ ᠳᠤᠩᠭ᠋ᠠᠯᠠᠭ᠂ ᠡᠪᠠᠰᠤ ᠨᠢ ᠰᠤᠷᠭᠤᠭ᠂ ᠪᠠᠯᠴᠢᠭᠡᠷ ᠨᠢ ᠠᠭᠤᠳᠠᠮ ᠡᠨᠡ ᠰᠠᠢ᠌ᠬᠠᠨ ᠨᠤᠳᠤᠭ ᠲᠤ ᠵᠠᠶᠠᠭᠠᠭᠰᠠᠨ ᠮᠤᠩᠭ᠋ᠤᠯᠴᠤᠳ ᠮᠠᠨᠢ ᠯᠠᠪᠳᠠᠢ ᠣᠷᠳᠤ ᠨᠠᠰᠤᠯᠠᠨ ᠣᠳᠠᠭᠠᠨ ᠵᠢᠷᠭᠠᠬᠤ ᠶᠤᠮ᠃ ᠬᠤᠷᠤᠮᠬᠠᠨ ᠵᠠᠭᠤᠷ᠎ᠠ ᠴᠤ ᠭᠡᠰᠡᠨ ᠡᠨᠡᠭᠦ ᠭᠡᠰᠢᠭ᠌ ᠪᠣᠶᠠᠨ ᠢ ᠣᠯᠵᠤ ᠡᠳ᠋ᠯᠡᠭ᠍ᠰᠡᠨ ᠳᠤ ᠪᠠᠨ ᠪᠠᠶᠠᠷᠯᠠᠨ ᠣᠮᠤᠭᠰᠢᠵᠤ᠂ ᠵᠤᠨ ᠤ ᠢᠯᠠᠭ᠎ᠠ ᠰᠢᠤ ᠰᠠᠨᠠᠭ᠎ᠠ ᠲᠡᠶ ᠪᠢᠳᠠ ᠪᠠᠰᠠ ᠠᠷᠪᠢᠨ ᠠᠷᠪᠢᠨ ᠰᠠᠢ᠌ᠬᠠᠨ ᠢ ᠣᠯᠵᠤ ᠬᠠᠠᠷᠠᠭᠰᠠᠨ ᠦᠭᠡᠶ ᠳᠤ ᠪᠠᠨ ᠬᠠᠷᠠᠮᠰᠠᠯ ᠭᠤᠳᠤᠯ ᠤᠨ ᠰᠡᠳᠬᠢᠯᠭᠡ ᠶᠢ ᠡᠪᠦᠷᠯᠡᠨ᠂ ᠰᠠᠯ ᠶᠠᠳᠠᠵᠤ ᠪᠠᠢ᠌ᠪᠠᠴᠤ ᠠᠷᠭ᠎ᠠ ᠦᠭᠡᠶ ᠳᠡᠷᠭᠡᠨ ᠳᠤ ᠪᠠᠨ ᠭᠠᠷᠴᠤ ᠭᠠᠷ ᠳᠠᠯᠠᠯᠠᠨ ᠪᠠᠶᠠᠷᠳᠠᠢ᠌ᠯᠠᠵᠠᠢ᠃


2012 ᠣᠨ ᠤ ᠳᠠᠪᠤᠨ ᠰᠠᠷ᠎ᠠ ᠳᠤ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠳ᠋ᠠᠭᠢ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6140
ᠴᠠᠭ᠄ 2012 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ