ᠨᠡᠪᠲᠡᠷᠡᠨ ᠤᠷᠤᠬᠤ
ᠶ‍ᠢᠷᠳᠢᠠᠴᠤ ᠶᠢᠨ ᠬᠠᠷ᠎ᠠ


ᠬᠠᠷ᠎ᠠ ᠰᠠᠨᠠᠭ᠎ᠠ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠬᠠᠮᠤᠭ ᠢ ᠳᠦᠢᠪᠠᠭᠡᠭ᠍ᠴᠢ ᠬᠠᠷ᠎ᠠ ᠰᠠᠨᠠᠭ᠎ᠠ᠂

        ᠬᠠᠮᠤᠭ ᠵᠢᠷᠭᠠᠯ ᠢ ᠡᠳ᠋ᠯᠡᠳᠡᠭ᠌ ᠴᠤ᠂

        ᠬᠠᠰᠢᠯᠠ ᠡᠴᠦᠰ ᠤᠨ ᠡᠴᠦᠰ ᠲᠤ ᠪᠠᠨ

        ᠬᠠᠷᠠᠯᠠᠵᠤ ᠣᠰᠠᠳᠬᠤ ᠨᠢ ᠦᠨᠡᠨ ᠶᠤᠰᠤ ᠡ ︕

ᠬᠠᠷ᠎ᠠ ᠰᠠᠯᠭᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠦᠷᠪᠠᠢ᠌ᠵᠤ ᠰᠦᠷᠪᠠᠢ᠌ᠳᠠᠯ᠎ᠠ ᠦᠯᠢᠶᠠᠯ᠎ᠠ ᠴᠤ᠂

        ᠠᠯᠠᠮᠠᠷ ᠪᠣᠯᠠᠮᠠᠷ ᠠᠭᠠᠰᠢᠯᠠᠯ᠎ᠠ ᠴᠤ᠂

        ᠲ᠋ᠡᠭ᠍ᠷᠢ ᠭᠠᠵᠠᠷ ᠢ ᠨᠡᠢ᠌ᠯᠡᠭᠦᠯᠦᠯ᠎ᠡ ᠴᠤ᠂

        ᠲ᠋ᠡᠭ᠍ᠰᠢᠷᠡᠵᠤ ᠠᠮᠢᠯᠠᠬᠤ ᠨᠢ ᠳᠡᠭ᠍ᠷᠢ ᠶᠢᠨ ᠵᠦᠢ ︕

ᠬᠠᠷ᠎ᠠ ᠬᠤᠷᠤᠬᠠᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠬᠠᠷ᠎ᠠ ᠭᠠᠵᠠᠷ ᠲᠤ ᠪᠠᠨ ᠨᠢᠭᠤᠭᠳᠠᠨ᠂

        ᠬᠤᠷᠤ ᠨᠢ ᠪᠣᠴᠠᠯᠤᠭᠰᠠᠭᠠᠷ ᠭᠠᠷᠴᠤ ᠢᠷᠠᠨ᠂

        ᠬᠠᠷ᠎ᠠ ᠭᠦᠯᠦᠰᠤ ᠶᠢᠨ ᠠᠮᠢᠨ ᠮᠥᠭᠦᠯᠢᠭ᠌ ᠢ

        ᠬᠠᠢ᠌ᠷ᠎ᠠ ᠨᠠᠢ᠌ᠷ ᠦᠭᠡᠶ ᠳᠠᠰᠤᠳᠠᠭᠠᠤᠨ ᠬᠠᠶᠠᠳᠠᠭ᠃

ᠬᠠᠷ᠎ᠠ ᠬᠤᠯᠤᠭᠠᠨ᠎ᠠ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠠᠷᠬᠠᠭ ᠭᠡᠮ ᠳᠠᠷᠢᠳᠠᠭ

        ᠠᠳᠠᠭᠠᠳᠠᠨ ᠳᠠᠢ᠌ᠰᠤᠨ ᠤ ᠨᠢᠭᠡ᠂

        ᠦᠷ᠎ᠡ ᠭᠦᠨᠡᠰᠤ ᠬᠤᠷᠤᠭᠠᠳᠠᠭ

        ᠦᠰᠢᠶᠠᠳᠠᠨ ᠳᠠᠢ᠌ᠰᠤᠨ ᠤ ᠨᠢᠭᠡ᠃

ᠬᠠᠷ᠎ᠠ ᠠᠷᠢᠭᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠬᠠᠷᠠᠭᠳᠠᠬᠤ ᠵᠢᠰᠤ ᠨᠢ ᠬᠠᠷ᠎ᠠ ᠪᠢᠰᠢ ᠴᠤ᠂

        ᠬᠠᠯᠠᠰᠳᠠᠯ᠎ᠠ ᠭᠡᠳᠦᠷᠡᠳᠡᠯ᠎ᠡ ᠪᠠᠯᠭᠤᠴᠢᠬᠠᠪᠠᠯ᠂

        ᠬᠠᠷᠠᠩᠭ᠋ᠤᠢ ᠪᠠᠯᠠᠢ ᠪᠣᠯᠴᠢᠬᠠᠳᠠᠭ᠂

        ᠬᠠᠷᠭᠤᠢ ᠵᠠᠮ ᠢ ᠬᠠᠷᠠᠭᠤᠯᠴᠢᠬᠠᠳᠠᠭ᠃

ᠬᠠᠷ᠎ᠠ ᠳᠠᠮᠠᠭᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠱᠠᠰᠳᠢᠷ ᠳᠡᠦᠭᠡ ᠡᠴᠠ ᠵᠠᠨᠤᠯ ᠲᠡᠶ᠂

        ᠰᠢᠨᠤᠯ ᠳᠤᠷᠠᠰᠢᠯ ᠤᠨ ᠬᠤᠤᠷᠯᠠᠯ ᠲᠡᠶ᠂

        ᠳᠦᠭ᠌ ᠲᠦᠮᠡᠨ ᠡᠴᠠ ᠬᠤᠷᠤᠰᠤᠯ ᠲᠡᠶ᠂

        ᠲᠦᠷᠤ ᠭᠦᠷᠤᠨ ᠡᠴᠠ ᠴᠡᠭᠡᠷᠯᠡᠯ ᠲᠡᠶ᠃

ᠬᠠᠷ᠎ᠠ ᠵᠥᠭ᠌ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠪᠣᠷᠬᠠᠨ ᠰᠠᠭᠢᠭᠤᠯᠰᠤᠨ ᠡᠴᠠ ᠡᠭᠢᠯᠡᠯ ᠲᠡᠶ᠂

        ᠭᠠᠵᠢᠭᠤ ᠪᠣᠷᠤᠭᠤ ᠨᠤᠮᠯᠠᠯ ᠲᠡᠶ᠂

        ᠪᠣᠯᠪᠠᠰᠤᠨ ᠰᠤᠷᠳᠠᠯ ᠤᠨ ᠭᠠᠵᠢᠭᠤᠳᠠᠯ ᠲᠡᠶ᠂

        ᠡᠳᠡᠭᠡᠳ ᠵᠦᠷᠢᠭᠦᠤ ᠦᠵᠠᠯᠳᠠ ᠲᠡᠶ᠃

ᠬᠠᠷ᠎ᠠ ᠡᠳᠦᠷ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠬᠠᠷ᠎ᠠ ᠡᠳᠦᠷ ᠬᠡᠷᠡᠯᠡᠭᠦᠯᠦᠨ᠎ᠡ ᠭᠡᠮᠡᠨ᠂

        ᠬᠠᠮᠤᠭ ᠪᠠᠷᠴᠢᠳ ᠢ ᠨᠥᠮᠦᠷᠭᠡᠭᠦ ᠭᠡᠮᠡᠨ᠂

        ᠬᠠᠨᠢ ᠨᠥᠭᠦᠤᠨ ᠶᠢᠡᠨ ᠥᠭᠡᠢ᠌ᠭᠢᠳᠡᠭ᠌᠂

        ᠬᠠᠵᠠᠭᠠᠢ ᠬᠤᠪᠢᠠᠴᠢᠷ ᠶᠠᠪᠣᠳᠠᠯ ᠲᠡᠶ᠃

ᠬᠠᠷ᠎ᠠ ᠠᠵᠢᠯ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠠᠯᠠᠭ ᠲᠡᠶ ᠪᠣᠯᠤᠭ ᠲᠡᠶ ᠶ‍ᠢᠷᠳᠢᠠᠴᠤ ᠳᠤ

        ᠠᠵᠢᠯ ᠶᠠᠪᠣᠳᠠᠯ ᠤᠨ ᠬᠤᠪᠢᠶᠠᠷᠢᠯᠠᠯ ᠡᠴᠠ

        ᠬᠤᠪᠢ ᠳᠤᠰᠠ ᠶᠢᠨ ᠭᠦᠷᠳᠡᠭ᠍ᠰᠡᠨ ᠨᠢ

        ᠬᠠᠯᠠ ᠲᠡᠶ ᠬᠠᠰᠢᠷ ᠭᠦᠴᠢᠷ ᠠᠵᠢᠯ᠃

ᠬᠠᠷ᠎ᠠ ᠠᠶᠤᠯ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠬᠠᠮᠤᠭ ᠬᠠᠷ᠎ᠠ ᠨᠢ ᠴᠤᠭᠯᠠᠷᠠᠭᠰᠠᠭᠠᠷ

        ᠬᠠᠷ᠎ᠠ ᠳᠡᠭᠡᠷ᠎ᠡ ᠨᠢ ᠬᠠᠷ᠎ᠠ ᠪᠠᠭᠤᠵᠤ᠂

        ᠬᠠᠰᠢᠯᠠ ᠨᠢᠭᠡ ᠳᠤᠤᠷ᠎ᠠ ᠴᠤᠭᠯᠠᠷᠠᠨ

        ᠬᠠᠷᠠᠳᠠᠢ ᠠᠶᠤᠯ ᠢ ᠳᠠᠠᠳᠠ ᠪᠠᠨ ᠳᠠᠷᠢᠳᠠᠭ᠃

ᠬᠠᠷ᠎ᠠ ᠰᠠᠮᠪᠠᠷ᠎ᠠ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠪᠢᠴᠢᠭ᠌ ᠤᠨ ᠪᠠᠯᠠᠢ ᠶᠢ ᠰᠢᠭᠦᠷᠳᠡᠳᠡᠭ᠌᠂

        ᠪᠢᠯᠢᠭ᠌ ᠣᠶᠤᠨ ᠢ ᠨᠡᠮᠡᠭ᠍ᠳᠡᠭᠦᠯᠳᠡᠭ᠌᠂

        ᠬᠠᠷᠠᠩᠭ᠋ᠤᠢ ᠮᠤᠩᠬᠠᠭ ᠢ ᠳᠡᠪᠴᠢᠳᠡᠭ᠌᠂

        ᠬᠠᠷ᠎ᠠ ᠨᠠᠷ᠎ᠠ ᠶᠢᠨ ᠮᠠᠭᠤᠬᠠᠢ ᠶᠢ ᠠᠷᠢᠯᠭᠠᠳᠠᠭ᠃

ᠬᠠᠷ᠎ᠠ ᠥᠩᠭᠡ ᠊᠊᠊᠊᠊᠊᠊᠊᠊᠊᠊᠊᠊᠊᠊ ᠊᠊᠊᠊᠊᠊᠊᠊᠊᠊᠊᠊᠊᠊᠊

        ᠬᠠᠨᠠᠭᠠᠷ ᠳᠡᠯᠡᠭᠡᠢ ᠶᠢᠨ ᠲᠦᠮᠡᠨ ᠪᠣᠳᠠᠰ ᠲᠤ

        ᠬᠠᠷ᠎ᠠ ᠥᠩᠭᠡ ᠣᠯᠠᠨ ᠪᠠᠢ᠌ᠳᠠᠭ ᠴᠤ᠂

        ᠬᠠᠷ᠎ᠠ ᠳᠤᠯᠤᠭᠠᠢ᠌ᠳᠤ ᠭᠦᠮᠤᠨ ᠠᠮᠢᠳᠠᠨ ᠳᠤ

        ᠬᠠᠶᠠ ᠨᠢᠭᠡ ᠬᠠᠷ᠎ᠠ ᠰᠠᠨᠠᠭ᠎ᠠ ᠢᠯᠡᠷᠡᠳᠡᠭ᠌ ᠰᠠᠨ᠃

        ᠠᠮᠢ ᠬᠤᠪᠢ ᠪᠠᠨ ᠭᠡᠭᠦ ᠦᠵᠠᠯ ᠨᠢ

        ᠠᠯᠢᠨ ᠭᠦᠮᠤᠨ ᠳᠤ ᠴᠤ ᠪᠠᠢ᠌ᠳᠠᠭ ᠴᠤ᠂

        ᠠᠯᠢᠪᠠ ᠪᠦᠭᠦᠨ ᠢ ᠦᠪᠡᠷ ᠤᠨ ᠶᠢᠡᠨ ᠵᠥᠭ᠌ ᠮᠠᠯᠳᠠᠳᠠᠭ᠂

        ᠠᠪᠣᠰᠢ ᠦᠭᠡᠶ ᠬᠠᠷ᠎ᠠ ᠰᠠᠨᠠᠭ᠎ᠠ ᠮᠠᠭᠤᠬᠠᠢ ︕


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠳᠤᠮᠳᠠᠳᠤ ᠬᠤᠰᠢᠭᠤᠨ ᠤ ᠬᠤᠸᠠᠬᠤᠰᠢᠭᠤ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰᠢ᠊·ᠳᠤᠳᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10228
ᠴᠠᠭ᠄ 2012 ᠤᠨ ᠤ 10 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ