ᠨᠡᠪᠲᠡᠷᠡᠨ ᠤᠷᠤᠬᠤ
ᠪᠠᠭ

ᠬᠡᠦᠬᠡᠳ ᠨᠢᠭᠤᠷ ᠲᠡᠭᠡᠨ ᠵᠡᠭᠦᠴᠢᠭᠡᠭᠡᠳ

ᠭᠦᠮᠤᠨ ᠠᠶᠤᠯᠭᠠᠨ᠎ᠠ ᠭᠡᠳ ᠭᠦᠭᠡᠷᠴᠤ ᠪᠠᠢ᠌ᠳᠠᠭ

ᠭᠦᠭᠡ ᠬᠠᠷ᠎ᠠ ᠡᠯᠳᠡᠪ ᠥᠩᠭᠡ ᠠᠯᠠᠭᠯᠠᠭᠰᠠᠨ

ᠭᠡᠪᠠᠷᠡᠭ‍ᠭᠡᠨ ᠵᠤᠬᠢᠶᠠᠭᠰᠠᠨ ᠪᠠᠭ ᠪᠠᠢ᠌ᠳᠠᠭ ᠢ


ᠭᠡᠯᠡᠵᠤ ᠭᠢᠭᠦ ᠨᠢ ᠨᠢᠭᠡᠳᠭᠦ ᠥᠭᠡᠢ

ᠶᠡᠭᠡ ᠶᠢ ᠶᠠᠷᠢᠵᠤ ᠪᠠᠭ᠎ᠠ ᠶᠢ ᠥᠢᠯᠡᠳᠦᠳᠡᠭ᠌ ᠢ

ᠬᠡ ᠵᠢᠷᠤᠭ ᠶᠢᠡᠷ ᠯᠠ ᠨᠢᠳᠤ ᠬᠠᠭᠤᠷᠳᠠᠭ

ᠭᠡᠩᠭᠦᠳᠡᠭ᠌ ᠲᠡᠭᠡᠨ ᠭᠦᠡᠳᠡᠢ ᠪᠠᠭ ᠪᠠᠢ᠌ᠳᠠᠭ ᠢ


ᠨᠢᠭᠤᠷ ᠳᠠᠭᠢ ᠳᠤᠯᠠᠢ᠌ᠮ᠎ᠠ ᠮᠦᠰᠢᠶᠠᠯ ᠶᠢᠡᠷ ᠵᠢᠠᠨ

ᠪᠦᠷᠭᠦᠭ᠌ ᠮᠠᠭᠤᠬᠠᠢ ᠪᠠᠨ ᠬᠠᠯᠬᠠᠯᠠᠵᠤ ᠪᠠᠢ᠌ᠳᠠᠭ ᠢ

ᠪᠣᠶᠠᠨ ᠨᠢᠭᠦᠯ ᠤᠨ ᠵᠠᠭᠠᠭ ᠢ ᠬᠤᠤᠠᠬᠤᠭᠰᠠᠨ

ᠪᠣᠳᠤᠯ ᠳᠦᠭᠡᠷᠢᠭᠦᠯᠦᠭ᠍ᠰᠡᠨ ᠪᠠᠭ ᠪᠠᠢ᠌ᠳᠠᠭ ᠢ


ᠠᠮᠠᠨ ᠳᠠᠭᠠᠨ ᠪᠠᠯ ᠨᠠᠭᠠᠯᠳᠤᠭᠤᠯᠤᠭᠰᠠᠨ ᠴᠤ

ᠠᠶᠤᠤᠯᠢᠬᠠᠢ ᠳᠠᠭᠠᠨ ᠵᠢᠳᠠ ᠡᠪᠦᠷᠯᠡᠳᠡᠭ᠌ ᠢ

ᠠᠯᠠᠭ ᠲᠡᠶ ᠰᠠᠨᠠᠭ᠎ᠠ ᠵᠠᠢ᠌ᠮᠤᠴᠢᠯᠠᠭᠰᠠᠨ ᠪᠣᠳᠤᠯ ᠤᠨ

ᠠᠯᠤᠰ ᠨᠢᠭᠤᠭᠳᠠᠭᠰᠠᠨ ᠪᠠᠭ ᠪᠠᠢ᠌ᠳᠠᠭ ᠢ


ᠠᠶᠠᠭ᠎ᠠ ᠣᠰᠤ ᠶᠢ ᠳᠡᠭ᠍ᠰᠢᠭᠡᠨ ᠪᠠᠷᠢᠳᠠᠭ ᠥᠭᠡᠢ

ᠬᠠᠢ᠌ᠷ᠎ᠠ ᠶᠢᠨ ᠳᠡᠩᠨᠡᠭᠦᠷ ᠲᠤ ᠵᠦᠷᠢᠶ᠎ᠠ ᠪᠠᠢ᠌ᠳᠠᠭ ᠢ

ᠠᠰ ᠨᠢᠭᠤᠷᠳᠠᠨ ᠰᠡᠭᠦᠯ ᠰᠢᠷᠪᠢᠭᠦ ᠴᠤ

ᠠᠷᠤ ᠡᠴᠠ ᠨᠢ ᠵᠠᠭᠤᠳᠠᠭ ᠪᠠᠭ ᠪᠠᠢ᠌ᠳᠠᠭ ᠢ


ᠳᠤᠯᠤᠭᠠᠢ ᠨᠢ ᠭᠡᠳᠡᠢ᠌ᠵᠤ ᠴᠡᠭᠡᠵᠢ ᠨᠢ ᠳᠡᠨᠡᠢ᠌ᠭᠦ ᠪᠠᠷ

ᠰᠡᠭᠦᠯ ᠨᠢ ᠳᠠᠭᠠᠭᠠᠤᠨ ᠡᠷᠳᠡᠢ᠌ᠳᠡᠭ᠌ ᠢ

ᠳᠤᠭ᠎ᠠ ᠨᠤᠷᠮ᠎ᠠ ᠪᠠᠷ ᠪᠦᠭᠦᠨ ᠢ ᠠᠶᠠᠳᠠᠭᠤᠯᠤᠭᠰᠠᠨ

ᠳᠤᠯᠤᠭᠠᠢ ᠡᠷᠭᠢᠭᠦᠯᠦᠭ᠍ᠰᠡᠨ ᠪᠠᠭ ᠪᠠᠢ᠌ᠳᠠᠭ ᠢ


ᠢᠨᠠᠭ ᠰᠡᠳᠭᠢᠯ ᠵᠥᠩᠳᠡᠭᠡᠨ ᠪᠠᠢ᠌ᠳᠠᠭ ᠴᠤ

ᠣᠰᠠᠳᠴᠤ ᠬᠤᠪᠢᠷᠠᠬᠤ ᠪᠠᠷ ᠨᠢ ᠡᠮᠵᠡᠭ᠌ ᠪᠠᠢ᠌ᠳᠠᠭ ᠢ

ᠦᠨᠡᠠᠴᠢ ᠬᠠᠢ᠌ᠷ᠎ᠠ ᠶᠢᠨ ᠢᠳᠡᠭᠡᠰᠢᠯ ᠳᠤᠯᠢᠳᠠᠬᠤ ᠪᠠᠷ

ᠣᠶᠠᠷᠠᠵᠤ ᠬᠠᠷᠠᠮᠰᠠᠬᠤ ᠨᠢ ᠭᠦᠡᠳᠦᠭᠡᠨ ᠪᠠᠢ᠌ᠳᠠᠭ ᠪᠠᠭ ᠪᠠᠢ᠌ᠳᠠᠭ ᠢ


ᠬᠤᠳᠠᠯ ᠭᠡᠳᠡᠭ᠌ ᠢ ᠡᠶᠡᠷᠡᠭᠦᠯᠤᠨ ᠳᠠᠭᠤᠳᠠᠭᠰᠠᠨ

ᠬᠠᠯᠬᠠᠪᠴᠢ ᠪᠣᠯᠤᠭᠰᠠᠨ ᠪᠠᠭ ᠤᠳ ᠪᠠᠢ᠌ᠳᠠᠭ

ᠭᠦᠮᠤᠨ ᠤ ᠬᠠᠷᠢᠴᠠᠭ᠎ᠠ ᠨᠡᠢ᠌ᠭᠡᠮ ᠤᠨ ᠬᠤᠯᠪᠣᠭᠠᠨ ᠳ᠋ᠤ

ᠭᠡᠴᠦᠨᠡᠨ ᠣᠯᠠᠨ ᠡᠢ᠌ᠮᠤ ᠳᠠᠢ᠌ᠮᠤ ᠪᠠᠭ ᠪᠠᠢ᠌ᠳᠠᠭ ᠢ


ᠨᠢᠳᠤ ᠪᠠᠷ ᠶᠢᠡᠨ ᠬᠠᠷᠠᠵᠤ ᠳᠤᠩᠭ᠋ᠠᠶ᠎ᠠ

ᠰᠡᠳᠭᠢᠯ ᠳᠡᠭᠡᠨ ᠰᠢᠩᠭᠡᠭᠡᠵᠤ ᠣᠬᠠᠮᠵᠢᠯᠠᠶ᠎ᠠ

ᠭᠦᠮᠦᠰ ᠡ︕



ᠵᠤᠬᠢᠶᠠᠭᠴᠢ ᠶᠢᠨ ᠬᠠᠶ‍ᠢᠭ᠄ ᠰᠢᠯᠢ ᠶᠢᠨ ᠭᠤᠤᠯ ᠠᠢ᠌ᠮᠠᠭ ᠰᠦᠨᠢᠳ ᠵᠡᠭᠦᠨ ᠬᠤᠰᠢᠭᠤ

ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2621
ᠴᠠᠭ᠄ 2010 ᠤᠨ ᠤ 07 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ