☆ ᠨᠠᠮᠵᠢᠯ ᠤᠨ ᠮᠥᠩᠭᠡᠪᠠᠶᠡᠷ
ᠰᠠᠷ᠎ᠠ ᠲᠡᠶ ᠰᠦᠨᠢ
ᠰᠠᠷ᠎ᠠ
ᠳᠤᠭᠤᠨᠤ ᠪᠠᠷ ᠳᠤᠨᠤᠷᠠᠨ ᠮᠦᠯᠣᠢ᠌ᠨᠠ
ᠰᠡᠳᠭᠢᠯ
ᠳᠠᠪᠠᠯ ᠦᠨᠦᠷᠯᠠᠨ ᠮᠠᠯᠳᠠᠢ᠌ᠨᠠ
ᠰᠠᠯᠭᠢ
ᠡᠭᠦᠯᠡ ᠳᠠᠭᠤᠵᠤ ᠳᠤᠭᠯᠠᠨ᠎ᠠ
ᠰᠦᠨᠢ
ᠣᠢ᠌ᠤᠠᠬᠠᠷ ᠤᠨ ᠮᠠᠨᠠᠨ ᠳᠤ ᠵᠡᠭᠦᠷᠮᠡᠭᠯᠡᠨ᠎ᠡ
ᠬᠤᠯᠠ ᠮᠤᠷᠢ
ᠠᠷᠭᠠᠮᠵᠢᠶ᠎ᠠ ᠪᠠᠨ ᠴᠢᠷᠤᠨ ᠢᠠᠴᠠᠭᠠᠨ᠎ᠠ
ᠬᠤᠳᠠᠴᠢ ᠱᠤᠩᠬᠤᠷ
ᠠᠯᠤᠰ ᠤᠨ ᠴᠢᠮᠡᠭᠡ ᠴᠢᠩᠨᠠᠨ᠎ᠠ
ᠵᠡᠭᠦᠨ ᠡᠮᠦᠨ᠎ᠡ ᠡᠴᠡ
ᠴᠤᠯᠮᠤᠨ ᠭᠠᠷᠬᠤ ᠳᠤ
ᠰᠠᠷ᠎ᠠ ᠪᠦᠱᠦᠭᠦᠷᠭᠡᠨ ᠨᠢᠭᠤᠨ᠎ᠠ
ᠵᠠᠯ᠎ᠠ ᠳᠤ ᠪᠠᠨ ᠪᠣᠴᠠᠭᠰᠠᠨ
ᠦᠨᠢᠶᠠᠤᠨ ᠤᠨ ᠮᠥᠭᠡᠷᠡᠭᠡᠨ ᠳ᠋ᠤ
ᠳᠡᠭ᠍ᠷᠢ ᠶᠢᠨ ᠬᠠᠶᠠᠭ᠎ᠠ ᠭᠡᠢ᠌ᠨᠡ
ᠬᠠᠢ᠌ᠷ᠎ᠠ ᠶᠢᠨ ᠳᠠᠭᠤᠤ
ᠬᠠᠷᠠᠩᠭ᠋ᠤᠢ ᠶᠢᠨ ᠳᠤᠮᠳᠠ ᠵᠠᠮᠬᠠᠷᠠᠨ᠎ᠠ
ᠬᠠᠨᠢ ᠶᠢᠨ ᠵᠡᠭᠦᠳᠤ
ᠬᠤᠯᠠ ᠶᠢᠨ ᠭᠡᠭᠡ ᠲᠡᠶ ᠰᠠᠷᠠᠨ᠎ᠠ
ᠰᠠᠷ᠎ᠠ ᠰᠡᠳᠭᠢᠯ ᠰᠢᠭ᠌ ᠣᠢ᠌ᠤᠠᠬᠠᠷ ᠳᠠᠢ
ᠰᠡᠳᠭᠢᠯ ᠰᠠᠷ᠎ᠠ ᠰᠢᠭ ᠮᠦᠯᠣᠢ᠌ᠨᠠ
ᠬᠠᠶᠢᠭ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3509
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ