ᠨᠡᠪᠲᠡᠷᠡᠨ ᠤᠷᠤᠬᠤ
ᠬᠤᠴᠤᠷᠭᠠᠭᠠᠯ ᠰᠢᠯᠦᠭ᠌

ᠡᠩᠭᠦᠷᠡᠢ᠌ᠭᠡᠨ ᠴᠢᠮ᠎ᠠ ᠳᠠᠭᠠᠨ ᠰᠢᠯᠦᠭ᠌ ᠳᠠᠷᠯᠠᠨ ᠬᠤᠴᠤᠷᠭᠠᠬᠤ ᠳ᠋ᠤ

ᠡᠮᠳᠡᠷᠡᠭ᠍ᠰᠡᠨ ᠵᠢᠷᠦᠭᠡ ᠮᠦᠷ ᠤᠨ ᠭᠢᠨᠢ ᠳᠤᠮᠳᠠ ᠥᠯᠡᠳᠡᠭᠦ ᠪᠣᠢ

ᠡᠭᠡᠰᠢᠭ᠌ ᠨᠠᠢ᠌ᠷᠠᠭ ᠮᠥᠩᠭᠡ ᠶᠢᠨ ᠪᠠᠶᠠᠷ ᠶᠢᠡᠷ ᠳᠤᠤᠱᠯᠠᠭᠳᠠᠳᠠᠭ ᠦᠭᠡᠶ ᠬᠣᠢ᠌ᠨ᠎ᠠ

ᠡᠪᠭᠡᠷᠡᠭ᠍ᠰᠡᠨ ᠰᠡᠳᠭᠢᠯ ᠤᠨ ᠨᠢᠯᠪᠣᠰᠤᠨ ᠣᠷᠤᠮ ᠢ ᠪᠢᠳᠡᠭᠡᠢ ᠡᠯᠡᠭᠯᠡ ᠡ︕


ᠣᠷᠢ ᠭᠠᠭᠴᠠᠭᠠᠷ ᠪᠣᠳᠤᠯ ᠪᠣᠯᠤᠨ ᠮᠡᠯᠮᠡᠷᠡᠭᠦ ᠦᠶ᠎ᠡ ᠳᠤ ᠴᠢᠨᠢ

ᠣᠰᠤᠨ ᠤ ᠳᠤᠯᠭᠢᠶ᠎ᠠ ᠬᠠᠶᠠ ᠨᠢᠭᠡ ᠳᠤᠭᠤᠯᠳᠠᠳᠠᠭ ᠠᠪᠠᠰᠤ

ᠣᠷᠤᠰᠬᠤ ᠣᠰᠤᠨ ᠮᠠᠳᠤ ᠲᠦᠯᠭᠢᠯᠡᠩᠭᠡᠨ ᠣᠳᠤᠭᠰᠠᠨ

ᠤᠶᠠᠩ‍ᠭ᠎ᠠ ᠶᠢᠨ ᠡᠷᠢᠯᠴᠢᠨ ᠨᠠᠮᠢ᠋ᠢ ᠭᠡᠵᠤ ᠰᠠᠨᠠᠭᠠᠷᠠᠢ


ᠭᠡᠷᠪᠡ ᠴᠢᠮᠢ᠋ᠢ ᠭᠦᠳᠡᠭᠡ ᠵᠤᠭᠠᠯᠠᠨ ᠶᠠᠪᠣᠬᠤ ᠳᠤ ᠴᠢᠨᠢ

ᠭᠡᠭᠡᠷ᠎ᠡ ᠶᠢᠨ ᠰᠢᠪᠠᠭᠤᠨ ᠤ ᠡᠩᠭᠦᠷᠡᠢ᠌ᠭᠡᠨ ᠡᠭᠦᠷ ᠬᠠᠷᠠᠭᠳᠠᠪᠠᠯ

ᠭᠦᠭᠡᠷᠦᠭᠦᠨ ᠴᠤᠬᠤᠷ ᠥᠡᠳᠡᠭᠡᠨ ᠤ ᠭᠢᠨᠢ ᠨᠢᠭᠡ ᠨᠢ ᠨᠠᠮᠢ᠋ᠢ ᠭᠡᠵᠤ

ᠬᠡ ᠦᠭᠡᠶ ᠴᠠᠭᠠᠬᠠᠨ ᠭᠠᠷ ᠶᠢᠡᠷ ᠶᠢᠡᠨ ᠪᠢᠳᠡᠭᠡᠢ ᠰᠡᠭᠦᠳᠡᠷᠯᠡ ᠡ︕


ᠨᠠᠷᠠᠳᠤ ᠶᠢᠨ ᠵᠠᠢ ᠳᠤ ᠣᠶᠠᠩᠭ᠋ᠠᠨ ᠳᠠᠭᠤᠤ ᠲᠡᠶ ᠶᠠᠪᠣᠳᠠᠭ ᠪᠣᠯᠬᠤᠷ ᠪᠢ

ᠨᠠᠷᠠᠨ ᠤ ᠭᠡᠷᠡᠯ ᠳᠤ ᠰᠸᠺᠦᠡᠳ᠋ ᠶᠢᠨ ᠭᠢᠷᠢ ᠳᠤᠳᠠᠵᠤ ᠪᠣᠯᠬᠤ ᠥᠭᠡᠢ

ᠰᠢᠯᠦᠭ᠌ ᠨᠠᠢ᠌ᠷᠠᠭ ᠤᠨ ᠡᠮᠵᠡᠭ᠍ᠭᠡᠨ ᠶ‍ᠢᠷᠳᠢᠠᠴᠤ ᠳᠤ ᠵᠠᠶᠠᠭᠠᠭᠰᠠᠨ ᠪᠣᠯᠬᠤᠷ

ᠰᠡᠭᠦᠳᠡᠷ ᠳᠤᠰᠪᠠᠯ ᠣᠷᠴᠢᠯᠠᠩ ᠡᠴᠠ ᠠᠮᠠᠷᠬᠠᠨ ᠬᠤᠯᠠᠳᠠᠳᠠᠭ ᠶᠤᠮ ᠡ︕


ᠬᠤᠩᠭ᠋ᠤᠷᠬᠠᠨ ᠴᠢᠮ᠎ᠠ ᠳᠠᠭᠠᠨ ᠮᠥᠩᠭᠡ ᠶᠢᠨ ᠪᠠᠳᠠᠭ ᠥᠯᠡᠳᠡᠭᠡᠭᠦ ᠰᠠᠨ ᠭᠡᠪᠠᠴᠤ

ᠬᠤᠷᠸ᠎ᠠ ᠳᠤ ᠪᠠᠰᠠ ᠨᠢᠭᠡ ᠳᠤᠷᠠᠰᠤᠯ ᠤᠨ ᠵᠤᠪᠠᠯᠠᠩ ᠨᠡᠮᠡᠭ᠍ᠳᠡᠭᠦ ᠡᠴᠠ ᠠᠶᠤᠨᠠᠮ

ᠬᠤᠪᠳᠤᠯ ᠵᠢᠷᠦᠭᠡᠨ ᠳᠤ ᠴᠢ ᠮᠢᠨᠢ ᠰᠢᠯᠦᠭ᠌ ᠰᠢᠭ᠌ ᠥᠯᠡᠳᠡᠭᠦ ᠡᠴᠠ ᠣᠠᠳᠤᠤ

ᠬᠤᠪᠳᠤᠭᠯᠠᠵᠤ ᠪᠢ ᠵᠤᠪᠠᠭᠤᠷᠢ ᠶᠢᠨ ᠴᠢᠨᠢ ᠳᠡᠭᠡᠷ᠎ᠡ ᠵᠤᠪᠠᠭᠤᠷᠢ ᠨᠡᠮᠡᠭᠦ ᠭᠡᠵᠤ ᠤᠤ


ᠦᠨᠡᠨ ᠤ ᠲᠦᠯᠦᠭᠡ ᠭᠡᠵᠤ ᠵᠢᠦᠡᠭᠦᠵᠤ ᠶᠠᠪᠣᠭᠰᠠᠨ ᠨᠠᠳᠠ ᠳ᠋ᠤ

ᠥᠯᠢᠭᠡᠷ ᠤᠨ ᠶᠤᠮ ᠰᠢᠭ ᠥᠵᠡᠭ᠍ᠳᠡᠯ ᠵᠥᠴᠦᠭᠡ ᠳᠠᠩᠴᠢ ᠣᠯᠠᠨ ᠡ

ᠣᠢ᠌ᠯᠠ ᠶᠢᠨ ᠬᠤᠷᠸ᠎ᠠ ᠳᠤ ᠪᠢ ᠴᠢᠮᠢ᠋ᠢ ᠵᠤᠪᠠᠭᠠᠨ ᠵᠤᠪᠠᠭᠠᠬᠤ ᠨᠢ

ᠦᠪᠡᠷ ᠢ ᠪᠠᠨ ᠪᠢ ᠥᠪᠠᠷᠳᠡᠭᠡᠨ ᠳᠠᠰᠢᠭᠤᠷᠳᠠᠭᠰᠠᠨ ᠲᠡᠶ ᠶᠠᠭᠤᠨ ᠥᠭᠡᠷ᠎ᠡ


ᠬᠠᠶᠠ ᠭᠡᠷᠪᠡ ᠪᠣᠷᠤᠭᠠᠨ ᠤ ᠴᠢᠮᠡᠭᠡ ᠴᠢᠩᠨᠠᠨ ᠭᠡᠪᠳᠡᠪᠠᠯ

ᠬᠠᠷᠠᠬᠠᠨ ᠵᠢᠷᠦᠭᠡ ᠮᠢᠨᠢ ᠣᠶᠠᠷᠠᠨᠠᠮ ᠭᠡᠵᠤ ᠪᠣᠳᠤᠭᠠᠷᠠᠢ᠂   ᠴᠢ ᠮᠢᠨᠢ

ᠬᠠᠨ ᠬᠤᠷᠸ᠎ᠠ ᠳᠤ ᠠᠮᠢᠳᠤᠷᠠᠵᠤ ᠵᠤᠪᠠᠭᠰᠠᠨ ᠤ ᠴᠢᠨᠢ ᠬᠠᠷᠢᠭᠤ ᠡᠨᠡ ᠭᠡᠵᠤ

ᠬᠠᠮᠤᠭ ᠤᠨ ᠦᠨᠡᠨ ᠳᠤ ᠪᠣᠷᠤᠭᠠᠨ ᠤ ᠳᠦᠰᠦᠷᠡᠭᠡ ᠣᠭᠢᠯᠠᠨᠠᠮ ᠪᠣᠢ


ᠴᠡᠴᠡᠭ᠌ ᠱᠢᠭᠯᠠᠭᠰᠠᠨ ᠴᠡᠩᠭᠡᠯᠳᠤ ᠠᠮᠢᠳᠤᠷᠠᠯ ᠨᠠᠳᠠ ᠭᠡᠷᠡᠭ᠌ ᠥᠭᠡᠢ

ᠴᠡᠴᠡᠭ᠌ ᠤᠨ ᠳᠠᠯᠪᠢ ᠶᠢ ᠭᠦᠡᠳᠡᠳᠡᠭ᠌ ᠦᠭᠡᠶ ᠭᠦᠰᠡᠯ ᠭᠡᠷᠡᠭ᠌ ᠳᠠᠢ

ᠴᠢᠩ ᠵᠢᠷᠦᠭᠡᠨ ᠤ ᠠᠷᠭᠠᠮᠵᠢᠶᠠᠨ ᠳᠤ ᠭᠡᠯᠭᠢᠭ᠍ᠳᠡᠭ᠍ᠰᠡᠨ ᠰᠡᠳᠭᠢᠯ ᠵᠢᠠᠨ

ᠴᠢᠨᠤ ᠳᠡᠷᠭᠡᠳᠡ ᠥᠯᠡᠳᠡᠭᠡᠭᠡᠳ᠂   ᠪᠢ ᠬᠤᠯᠠ ᠶᠠᠪᠣᠨᠠᠮ


ᠨᠠᠳᠠ ᠡᠴᠠ ᠥᠯᠡᠳᠡᠭ᠍ᠰᠡᠨ ᠶᠠᠭᠤᠮ᠎ᠠ ᠪᠦᠭᠦᠨ ᠴᠢᠮᠠᠳᠤ ᠭᠡᠷᠡᠭ᠌ ᠠᠯᠠᠭ᠎ᠠ

ᠨᠠᠳᠠ ᠲᠡᠶ ᠨᠠᠳᠠ ᠦᠭᠡᠶ ᠣᠷᠴᠢᠯᠠᠩ ᠭᠡᠳᠡᠭ᠌ ᠡᠷᠭᠢᠳᠡᠭ᠌ ᠶᠢᠡᠨ ᠡᠷᠭᠢᠨ᠎ᠡ

ᠨᠠᠢ᠌ᠷᠠᠭ ᠰᠢᠯᠦᠭ᠌ ᠯᠠ ᠪᠣᠷᠬᠠᠨ ᠨᠢᠭᠤᠴᠠ ᠰᠤᠷᠭᠠᠯ ᠶᠤᠮ ᠪᠣᠯᠬᠤᠷ

ᠨᠠᠳᠠ ᠡᠴᠠ ᠬᠣᠢ᠌ᠰᠢ ᠰᠢᠯᠦᠭ᠌ ᠰᠢᠭ᠌ ᠠᠮᠢᠳᠤᠷᠠᠯ ᠳᠤ ᠣᠮᠪᠠᠬᠤ ᠪᠣᠯᠳᠤᠭᠠᠢ︕


ᠵᠤᠬᠢᠶᠠᠭᠴᠢ ᠶᠢᠨ ᠬᠠ‍‌ᠶᠢᠭ ᠄ ᠰᠢᠯᠤᠭᠤᠨ ᠭᠦᠭᠡ

ᠵᠤᠬᠢᠶᠠᠭᠴᠢ᠄ ᠠ᠊·ᠭᠠᠩᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2011 ᠤᠨ ᠤ 01 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ