☆ ᠯ·ᠤᠳᠤᠨ
ᠴᠢᠮ᠎ᠠ ᠳᠤ ᠳᠤᠷᠠᠯᠠᠳᠠᠭ ᠤᠨ ᠤᠴᠢᠷ
ᠭᠦᠰᠢᠭᠡᠯᠡᠨ ᠪᠠᠭᠤᠭᠰᠠᠨ
ᠭᠦ᠋ ᠬᠠᠷ᠎ᠠ ᠭᠡᠵᠢᠭᠡᠨ ᠳᠡᠭᠡᠷ᠎ᠡ ᠴᠢᠨᠢ
ᠰᠠᠷᠠᠨ ᠤ ᠰᠡᠭᠦᠳᠡᠷ ᠳᠤᠰᠬᠠᠬᠤ ᠦᠭᠡᠶ ᠭᠡᠵᠤ
ᠡᠷᠳᠡᠨᠢ ᠶᠢᠨ ᠮᠥᠩᠭᠦᠨ ᠰᠢᠭᠦᠷ ᠶᠢᠡᠨ ᠭᠦᠷᠭᠡᠭ᠍ᠰᠡᠨ ᠶᠤᠮ
ᠭᠦᠯᠦᠷᠡᠭᠦ ᠶᠢ ᠳᠠᠭᠠᠬᠤ ᠦᠭᠡᠶ
ᠭᠦᠷᠦᠰᠤ ᠨᠢᠮᠭᠡᠨ ᠬᠠᠴᠠᠷ ᠳᠡᠭᠡᠷ᠎ᠡ ᠴᠢᠨᠢ
ᠰᠠᠯᠭᠢᠨ ᠤ ᠳᠤᠭᠤᠰᠤ ᠨᠠᠭᠠᠯᠳᠤᠭᠤᠯᠬᠤ ᠦᠭᠡᠶ ᠭᠡᠵᠤ
ᠡᠷ᠎ᠡ ᠶᠢᠨ ᠳᠡᠷᠭᠡᠯ ᠵᠠᠶᠠᠭ᠎ᠠ ᠪᠠᠨ ᠪᠠᠯᠡᠭᠯᠡᠭ᠍ᠰᠡᠨ ᠶᠤᠮ
ᠪᠣᠯᠠᠭ ᠤᠨ ᠣᠰᠤ ᠰᠢᠭ ᠳᠤᠩᠭ᠋ᠠᠯᠠᠭ
ᠥᠭᠡ ᠭᠡᠯᠡᠳᠡᠭ᠌ ᠨᠢᠳᠤᠨ ᠳᠤ ᠴᠢᠨᠢ
ᠨᠠᠷᠠᠨ ᠤ ᠬᠤᠮᠠᠭ ᠣᠷᠤᠭᠤᠯᠬᠤ ᠦᠭᠡᠶ ᠭᠡᠵᠤ
ᠰᠤᠷᠮᠤᠤᠰᠤ ᠪᠣᠯᠤᠨ ᠣᠷᠭᠤᠬᠤ ᠶᠢ ᠭᠦᠰᠡᠭ᠍ᠰᠡᠨ ᠶᠤᠮ
ᠪᠣᠷᠳᠠᠭ ᠰᠠᠭᠤᠭ᠎ᠠ ᠦᠭᠡᠶ ᠴᠡᠪᠠᠷᠭᠡᠨ
ᠭᠡᠨᠡᠨ ᠴᠠᠢ᠌ᠯᠭᠠᠨ ᠢᠨᠢᠶᠠᠳᠤᠨ ᠳᠤ ᠴᠢᠨᠢ
ᠨᠠᠰᠤᠨ ᠤ ᠭᠤᠨᠢᠭ ᠰᠠᠭᠤᠯᠭᠠᠬᠤ ᠦᠭᠡᠶ ᠭᠡᠵᠤ
ᠰᠢᠪᠠᠭᠤ ᠪᠣᠯᠤᠨ ᠵᠢᠷᠭᠢᠭᠦ ᠶᠢ ᠰᠠᠨᠠᠭᠰᠠᠨ ᠶᠤᠮ
ᠵᠢᠰᠤᠨ ᠤ ᠴᠢᠨᠢ ᠭᠤᠶᠤ ᠳᠤ ᠰᠤᠭᠳᠤᠵᠤ
ᠳᠤᠯᠢ ᠪᠣᠯᠤᠨ ᠪᠠᠯᠪᠠᠷᠠᠬᠤ ᠶᠢ ᠰᠠᠨᠠᠭᠰᠠᠨ ᠶᠤᠮ
ᠵᠡᠭᠦᠳᠤᠨ ᠤ ᠴᠢᠨᠢ ᠭᠦᠨ ᠳᠤ ᠣᠮᠪᠠᠵᠤ
ᠳᠤᠷᠠᠰᠤᠯ ᠪᠣᠯᠤᠨ ᠴᠡᠯᠭᠡᠷᠡᠭᠦ ᠶᠢ ᠭᠦᠰᠡᠭ᠍ᠰᠡᠨ ᠶᠤᠮ
ᠳᠠᠭᠤᠯᠠᠬᠤ ᠳᠠᠭᠤᠤ ᠶᠢᠨ ᠴᠢᠨᠢ
ᠠᠶ᠎ᠠ ᠪᠣᠯᠤᠨ ᠣᠶᠠᠩᠭ᠋ᠠᠷᠠᠬᠤ ᠶᠢ ᠰᠠᠨᠠᠭᠰᠠᠨ ᠶᠤᠮ
ᠳᠤᠭᠳᠤᠯᠬᠤ ᠵᠢᠷᠦᠭᠡᠨ ᠤ ᠴᠢᠨᠢ
ᠴᠤᠭᠢᠯᠳᠠ ᠪᠣᠯᠤᠨ ᠯᠤᠭᠰᠢᠬᠤ ᠶᠢ ᠭᠦᠰᠡᠭ᠍ᠰᠡᠨ ᠶᠤᠮ᠃
ᠵᠤᠬᠢᠶᠠᠭᠴᠢ᠄ ᠯ·ᠤᠳᠤᠨ
ᠢᠷᠡᠯᠲᠡ᠄ ᠬᠦᠬᠡᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄
ᠰᠢᠯᠦᠭᠳᠠᠷᠤᠮ᠄ 5732
ᠴᠠᠭ᠄ 2006 ᠤᠨ ᠤ 11 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ