☆ ᠡᠰᠨᠢᠯ
QQ ᠳ᠋ᠤᠭᠠᠷ
ᠮᠢᠨᠤ ᠳᠠᠨᠢᠳᠠᠭ ᠨᠢᠭᠡᠨ ᠪᠦᠰᠡᠭᠦᠢ
ᠮᠠᠰᠢ ᠳᠤᠷᠠᠳᠠᠢ ᠵᠤᠭᠤᠭᠳᠠᠨ᠎ᠠ ᠭᠡᠳᠡᠭ᠌
ᠭᠡᠨᠡᠳᠲᠡ ᠨᠢᠭᠡ ᠡᠳᠦᠷ ᠰᠤᠷᠠᠭ ᠢᠷᠡᠭᠦᠯᠡᠷ
ᠭᠡᠵᠢᠭᠡᠳᠡᠵᠤ ᠠᠪᠣᠭᠠᠤᠨ ᠶᠠᠷᠢᠯᠴᠠᠯ᠎ᠠ ᠭᠡᠳᠡᠭ᠌
ᠣᠷᠤᠭ ᠭᠡᠷ ᠠᠮᠢᠳᠤᠷᠠᠯ ᠡᠴᠠ ᠡᠭᠢᠯᠡᠨ
ᠣᠯᠠᠭᠠᠨ ᠵᠢᠷᠦᠭᠡ ᠪᠠᠨ ᠠᠭᠤᠳᠠᠯᠠᠮᠠᠷ
ᠣᠷᠪᠠᠨ ᠭᠦᠷᠪᠠᠨ ᠣᠷᠤᠨ ᠵᠠᠢ ᠦᠭᠡᠶ
ᠣᠯᠠᠨ ᠬᠤᠨᠤᠭ ᠵᠤᠭᠤᠭᠳᠠᠯ᠎ᠠ ᠭᠡᠳᠡᠭ᠌
ᠡᠴᠦᠰ ᠰᠡᠭᠦᠯ ᠳᠤ ᠨᠥᠭᠦᠭᠡ ᠡᠳᠡᠭᠡᠳ ᠡᠴᠠ
ᠡᠪ ᠶᠢᠡᠷ ᠠᠨᠠᠢ ᠴᠢᠮᠡᠭᠡ ᠳᠤᠭᠤᠯᠭᠠᠯ᠎ᠠ ᠭᠡᠳᠡᠭ᠌᠄
《 ᠪᠠᠷᠭᠡᠨ ᠡ᠂ ᠣᠳᠤ ᠳᠤᠭᠯᠠᠬᠤ ᠪᠠᠨ ᠪᠣᠯᠢᠶ᠎ᠠ
ᠪᠦᠪᠠᠢ ᠠᠴᠢ ᠡᠴᠠ ᠳ᠋ᠤᠭᠠᠷ ᠢ ᠴᠢᠨᠢ ᠠᠪᠣᠭᠰᠠᠨ ᠶᠤᠮ
ᠪᠠᠷᠭᠡ ᠴᠠᠭ ᠲᠤ ᠭᠢᠳᠠᠯ ᠥᠭᠡᠢ᠌ᠳᠡᠵᠤ
ᠪᠠᠷᠭᠡᠨ ᠳᠠᠨ ᠲᠡᠶ ᠱᠤᠭᠯᠠᠭᠰᠠᠨ ᠶᠤᠮ》 ᠭᠡᠵᠤ
ᠬᠠᠳᠠᠮ ᠳᠡᠭᠦᠤ ᠨᠢ ᠬᠠᠷᠢᠭᠤᠯᠤᠯ᠎ᠠ ᠭᠡᠳᠡᠭ᠌
ᠬᠠᠬᠠᠵᠤ ᠪᠦᠰᠡᠭᠦᠢ ᠠᠯᠮᠠᠢ᠌ᠷᠠᠯᠠ ᠭᠡᠳᠡᠭ᠌ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11093
ᠴᠠᠭ᠄ 2011 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ