ᠨᠡᠪᠲᠡᠷᠡᠨ ᠤᠷᠤᠬᠤ
ᠪᠣᠰᠤᠭ᠎ᠠ ᠭᠡᠢ᠌ᠮᠦᠷᠢ ᠶᠢᠨ ᠪᠦᠷᠢᠯᠸ᠎ᠡ

ᠱᠤᠵᠢᠩ ᠪᠣᠯᠠᠭ ᠤᠨ ᠣᠰᠤ ᠪᠠᠨ ᠰᠢᠭ ᠳᠤᠩᠭ᠋ᠠᠯᠠᠭ ᠬᠤᠭᠤᠯᠠᠢ ᠲᠡᠶ ᠮᠢᠨᠤ ᠠᠪᠣ

ᠰᠤᠷᠯᠢᠭ ᠭᠦᠯᠦᠭ᠌ ᠤᠨ ᠨᠢᠷᠤᠭᠤᠨ ᠳᠤ ᠪᠣᠰᠤᠭ᠎ᠠ ᠰᠠᠭᠤᠳᠠᠯ ᠲᠡᠶ ᠮᠢᠨᠤ ᠠᠪᠣ

ᠨᠤᠮᠤᠭᠠᠨ ᠠᠭᠤᠯᠠ ᠶᠢᠨ ᠰᠠᠷᠢᠳᠠᠭ ᠰᠢᠭ᠌ ᠶᠢᠡᠨ ᠰᠢᠯᠤᠭᠤᠬᠠᠨ ᠰᠡᠳᠭᠢᠯ ᠲᠡᠶ ᠮᠢᠨᠤ ᠠᠪᠣ

ᠪᠣᠳᠠᠩᠳᠤ ᠭᠤᠪᠢ ᠶᠢᠨ ᠭᠦᠡᠳᠡᠢ ᠰᠢᠭ ᠶᠢᠡᠨ ᠪᠣᠳᠤᠯ ᠠᠭᠤᠳᠠᠮ ᠮᠢᠨᠤ ᠠᠪᠣ

ᠠᠭᠤᠵᠢᠮ ᠳᠡᠨᠢᠭᠡᠷ ᠳᠠᠯ᠎ᠠ ᠪᠠᠨ ᠰᠢᠭ ᠦᠷᠭᠡᠨ ᠬᠠᠷᠠᠭ᠎ᠠ ᠲᠡᠶ ᠮᠢᠨᠤ ᠠᠪᠣ

ᠣᠳᠤᠮᠳᠤ ᠮᠤᠩᠭ᠋ᠤᠯ ᠣᠷᠤᠨ ᠳᠠᠭᠠᠨ ᠭᠡᠢ᠌ᠮᠦᠷᠢ ᠪᠣᠰᠤᠭ᠎ᠠ ᠮᠢᠨᠤ ᠠᠪᠣ

ᠠᠭᠤᠵᠢᠭᠤ ᠣᠷᠴᠢᠯᠠᠩ ᠤᠨ ᠵᠠᠢ᠌ᠴᠢᠨ ᠳᠤ ᠵᠤᠷᠢᠭ ᠪᠣᠰᠤᠭ᠎ᠠ ᠮᠢᠨᠤ ᠠᠪᠣ

ᠠᠮᠢᠳᠤᠷᠠᠯ ᠤᠨ ᠡᠷᠢᠶᠡᠨ ᠪᠠᠷᠠᠭᠠᠨ ᠳᠤ ᠣᠬᠠᠭᠠᠨ ᠪᠣᠰᠤᠭ᠎ᠠ ᠮᠢᠨᠤ ᠠᠪᠣ

ᠱᠢᠷᠤᠨ ᠣᠯᠠᠭᠠᠨ ᠳᠡᠮᠡᠭᠡᠳ ᠶᠢᠡᠨ ᠪᠣᠢ᠌ᠯᠠᠳᠠᠯ᠎ᠠ ᠨᠢ ᠳᠠᠭᠤᠯᠠᠳᠠᠭ

ᠰᠤᠳᠤᠨ ᠰᠦᠷᠦᠭ᠌ ᠠᠳᠤᠭᠤᠳ ᠶᠢᠡᠨ ᠰᠠᠷᠳᠠᠰᠭᠢᠳᠠᠯ᠎ᠠ ᠨᠢ ᠢᠰᠭᠡᠷᠳᠡᠭ᠌

ᠣᠬᠠᠭᠠᠨ ᠤ ᠴᠠᠷ᠎ᠠ ᠬᠤᠤᠰᠯᠠᠭᠰᠠᠨ ᠮᠤᠩᠭ᠋ᠤᠯ ᠡᠷ᠎ᠡ ᠶᠢᠨ ᠵᠢᠪᠬᠤᠭ᠎ᠠ ᠳᠠᠢ

ᠣᠤᠷ ᠦᠨᠢ ᠶᠢᠨ ᠳᠠᠪᠴᠢᠶᠠᠷᠢ ᠲᠡᠶ ᠭᠡᠨᠡᠨ ᠳᠠᠢ᠌ᠪᠣᠭᠤ ᠮᠤᠩᠭ᠋ᠤᠯ ᠵᠠᠩ ᠳᠠᠢ

ᠣᠷᠭ᠎ᠠ ᠪᠠᠨ ᠳᠤᠯᠤᠭᠠᠤᠨ ᠠᠳᠤᠭᠤᠨ ᠳᠠᠭᠠᠨ ᠮᠤᠷᠳᠠᠬᠤ ᠳᠤ ᠨᠠᠷᠠ ᠬᠠᠯᠬᠠᠯᠠᠬᠤ ᠴᠡᠭᠡᠵᠢ ᠳᠠᠢ

ᠭᠡᠷ ᠲᠡᠭᠡᠨ ᠢᠷᠡᠭᠡᠳ ᠬᠣᠢ᠌ᠮᠤᠷ ᠵᠠᠯᠠᠷᠠᠬᠤ ᠳᠤ ᠭᠡᠷ ᠳᠦᠭᠦᠷᠭᠡᠭᠦ ᠳᠦᠰᠢᠭ᠌ ᠳᠠᠢ

ᠬᠠᠶᠠᠭ᠎ᠠ ᠰᠡᠭᠦᠭ᠍ᠰᠡᠨ ᠭᠡᠷ ᠤᠨ ᠶᠢᠡᠨ ᠬᠣᠢ᠌ᠮᠤᠷ ᠡᠴᠠ ᠰᠦᠷᠦᠭ᠌ ᠶᠢᠡᠨ ᠨᠢᠳᠤᠯᠠᠵᠤ ᠴᠢᠳᠠᠳᠠᠭ

ᠭᠠᠯ ᠤᠨ ᠰᠤᠷ ᠲᠡᠶ ᠳᠤᠯᠭᠠᠨ ᠳᠠᠭᠠᠨ ᠠᠮᠢᠳᠤᠷᠠᠯ ᠶᠢᠡᠨ ᠪᠣᠴᠠᠯᠭᠠᠵᠤ ᠵᠢᠷᠭᠠᠳᠠᠭ

ᠢᠷᠭᠤᠢ ᠥᠨᠦᠷᠳᠦᠭ᠍ᠰᠡᠨ ᠨᠤᠳᠤᠭ ᠤᠨ ᠮᠢᠨᠢ ᠰᠠᠯᠭᠢ ᠬᠠᠴᠠᠷ ᠢ ᠨᠢ ᠳᠠᠭᠠᠯᠠᠭᠠᠤᠨ ᠥᠩᠭᠡᠷᠭᠦ ᠳᠤ ᠰᠡᠳᠭᠢᠯ ᠨᠢ ᠰᠡᠷᠭᠦᠳᠡᠭ᠌

ᠨᠡᠭᠦᠳᠡᠯ ᠤᠨ ᠣᠯᠠᠨ ᠰᠢᠪᠠᠭᠤᠳ ᠳᠡᠭ᠍ᠷᠢ ᠴᠢᠮᠠᠨ ᠭᠦᠭᠡᠷᠭᠦ ᠳᠤ ᠨᠢᠳᠤᠨ ᠳᠠᠭᠠᠨ ᠵᠠᠢ᠌ᠷ ᠲᠡᠶ ᠥᠳᠡᠳᠡᠭ᠌

ᠭᠦᠭᠡ ᠮᠤᠩᠭ᠋ᠤᠯ ᠤᠨ ᠳᠡᠭ᠍ᠷᠢ ᠪᠠᠭᠳᠠᠭᠠᠵᠤ ᠴᠡᠭᠡᠵᠢ ᠪᠠᠨ ᠳᠡᠯᠭᠡᠭ᠍ᠰᠡᠨ ᠨᠤᠳᠤᠭ ᠤᠨ ᠨᠠᠭᠤᠷ ᠶᠢᠡᠨ ᠬᠠᠷᠠᠭᠠᠤᠨ ᠬᠠᠷᠠᠴᠠ ᠨᠢ ᠪᠠᠶᠠᠰᠳᠠᠭ

ᠠᠮᠠᠭᠠᠢ ᠪᠠᠨ ᠵᠠᠵᠢᠯᠤᠨ ᠦᠣᠷᠰᠠᠵᠤ ᠣᠶᠠᠭ᠎ᠠ ᠱᠤᠩ ᠶᠢᠡᠨ ᠰᠡᠷᠭᠦᠭᠡᠳᠡᠭ᠌ ᠭᠠᠩᠭ᠋ᠠᠩ ᠭᠦᠯᠦᠭ᠌ ᠶᠢᠡᠨ ᠬᠠᠷᠠᠵᠤ ᠭᠡᠢ᠌ᠮᠦᠷᠢ ᠭᠡᠢ᠌ᠳᠡᠭ᠌

ᠬᠤᠷᠸ᠎ᠠ ᠶᠢᠨ ᠵᠢᠷᠭᠠᠯ ᠵᠤᠪᠠᠯᠠᠩ ᠢ ᠬᠤᠶᠠᠷᠬᠠᠨ ᠣᠳᠠᠰᠤᠨ ᠳᠤ ᠪᠠᠭᠳᠠᠭᠠᠳᠠᠭ ᠡᠷᠳᠡᠨᠢ ᠶᠢᠨ ᠣᠪᠠᠳᠢᠰᠳᠤ ᠮᠤᠷᠢᠨ ᠬᠤᠭᠤᠷ ᠵᠢᠠᠷ

ᠦᠨᠦᠴᠢᠨ ᠴᠠᠭᠠᠨ ᠪᠣᠳᠤᠭᠤ ᠡᠪᠦᠭᠡᠨ ᠰᠢᠪᠠᠭᠤ ᠬᠤᠶᠠᠷ ᠢ ᠦᠯᠢᠭᠡᠷ ᠳᠤᠮᠤᠭ ᠲᠤ ᠬᠠᠢ᠌ᠯᠠᠭᠤᠯᠳᠠᠭ ᠮᠤᠩᠭ᠋ᠤᠯ ᠣᠷᠳᠤ ᠶᠢᠨ ᠳᠠᠭᠤᠤ ᠪᠠᠷ

ᠠᠭᠤᠯᠠ ᠲᠡᠶ ᠳᠠᠯ᠎ᠠ ᠲᠡᠶ ᠮᠤᠩᠭ᠋ᠤᠯ ᠤᠨ ᠶᠢᠡᠨ ᠢᠰᠡᠭᠡᠢ ᠴᠠᠭᠠᠨ ᠭᠡᠷ ᠳᠤ

ᠤᠶᠠᠩ‍ᠭ᠎ᠠ ᠶᠢᠨ ᠰᠠᠢ᠌ᠬᠠᠨ ᠠᠶᠠᠯᠭᠤ ᠪᠠᠷ ᠶᠢᠡᠨ ᠡᠭᠡᠰᠢᠭ᠍ᠯᠡᠭᠦᠯᠤᠨ ᠳᠠᠭᠤᠯᠠᠵᠤ ᠵᠢᠷᠭᠠᠳᠠᠭ

ᠽᠠᠮᠪᠣᠯᠢᠩ ᠳᠤ ᠮᠦᠷ ᠲᠡᠶ ᠡᠪᠦᠭᠡᠳ ᠤᠨ ᠶᠢᠡᠨ ᠵᠠᠯᠪᠠᠷᠢᠵᠤ ᠢᠳᠡᠭᠡᠰᠢᠨ ᠰᠠᠭᠤᠭᠰᠠᠨ

ᠵᠠᠶᠠᠭ᠎ᠠ ᠲᠦᠪᠰᠢᠨ ᠨᠤᠳᠤᠭ ᠲᠠᠭᠠᠨ ᠠᠮᠢᠳᠤ ᠶᠢᠨ ᠵᠢᠷᠭᠠᠯ ᠢ ᠡᠳ᠋ᠯᠡᠳᠡᠭ᠌

ᠡᠨᠡ ᠶ‍ᠢᠷᠳᠢᠠᠴᠤ ᠳᠤ ᠨᠠᠷᠠ ᠭᠠᠭᠴᠠᠬᠠᠨ ᠪᠠᠢ᠌ᠳᠠᠭ ᠲᠡᠶ ᠠᠳᠠᠯᠢ

ᠡᠨᠡ ᠶᠠᠪᠣᠭ᠎ᠠ ᠨᠠᠰᠤᠨ ᠳᠤ ᠠᠪᠣ ᠮᠢᠨᠢ ᠨᠠᠳᠠ ᠳᠤ ᠭᠠᠭᠴᠠᠬᠠᠨ

ᠪᠠᠶᠠᠷ ᠶᠢᠡᠷ ᠳᠦᠭᠦᠷᠡᠩ ᠡᠪᠦᠷ ᠳᠡᠭᠡᠷ᠎ᠡ ᠴᠢᠨᠢ ᠡᠷᠭᠡᠯᠡᠨ ᠵᠢᠷᠭᠠᠳᠠᠭ ᠶᠤᠮ ᠦᠷ᠎ᠡ ᠴᠢᠨᠢ

ᠪᠣᠶᠠᠨ ᠲᠡᠶ ᠵᠤᠯ ᠲᠡᠶ ᠠᠮᠢᠳᠤᠷᠠᠯ ᠳᠠᠭᠠᠨ ᠵᠤᠪᠠᠬᠤ ᠶᠢ ᠮᠡᠳᠡᠭᠦ ᠦᠭᠡᠶ ᠪᠠᠶᠠᠰᠳᠠᠭ ᠶᠤᠮ

ᠪᠣᠷᠤᠭᠤ ᠵᠦᠷᠢᠭᠦᠤ ᠨᠢ ᠢᠯᠭᠠᠯ ᠦᠭᠡᠶ ᠡᠷᠭᠡᠯᠡᠵᠤ ᠶᠠᠪᠣᠭᠰᠠᠨ ᠴᠤ

ᠬᠠᠮᠤᠭ ᠡᠴᠠ ᠢᠯᠡᠭᠦᠤ ᠬᠠᠯᠠᠭᠤᠨ ᠬᠠᠢ᠌ᠷ᠎ᠠ ᠪᠠᠷ ᠠᠪᠣ ᠮᠢᠨᠢ ᠨᠠᠮ᠎ᠠ ᠶᠢ ᠭᠡᠢ᠌ᠭᠦᠯᠳᠡᠭ᠌ ᠪᠣᠯᠬᠤᠷ

ᠠᠮᠢᠳᠤᠷᠠᠯ ᠳᠤ ᠦᠷ᠎ᠡ ᠴᠢᠨᠢ ᠳᠠᠨ ᠤ ᠪᠠᠨ ᠢᠳᠡᠭᠡᠯ ᠢ ᠠᠯᠳᠠᠬᠤ ᠦᠭᠡᠶ ᠭᠡᠵᠤ ᠴᠢᠷᠮᠠᠢ᠌ᠨ᠎ᠠ

ᠠᠩᠭᠢᠷ ᠵᠢᠷᠦᠭᠡᠨ ᠳᠡᠭᠡᠨ ᠳᠠᠨ ᠢ ᠪᠠᠨ ᠰᠠᠨᠠᠵᠤ ᠪᠢᠰᠢᠷᠠᠵᠤ ᠵᠠᠯᠪᠠᠷᠢᠨ᠎ᠠ

ᠠᠯᠠᠭ ᠬᠤᠷᠸ᠎ᠠ ᠳᠤ ᠮᠥᠩᠭᠡᠷᠡᠭᠦ ᠶᠢᠨ ᠶᠤᠰᠤ ᠪᠠᠢ᠌ᠪᠠᠯ ᠠᠯᠢ ᠨᠠᠰᠢ ᠪᠠᠨ ᠬᠤᠷᠤᠢ

ᠠᠯᠳᠠᠨ ᠳᠡᠯᠡᠭᠡᠢ ᠳᠤ ᠮᠥᠩᠭᠡᠵᠢᠭᠦ ᠶᠢᠨ ᠵᠢᠮ᠎ᠠ ᠪᠠᠢ᠌ᠪᠠᠯ ᠪᠠᠰᠠ ᠨᠠᠰᠢ ᠪᠠᠨ ᠬᠤᠷᠤᠢ

ᠷᠠᠰᠢᠶᠠᠨ ᠣᠰᠤᠨ ᠳᠤ ᠮᠥᠩᠭᠡ ᠶᠢᠨ ᠳᠤᠰᠤᠯ ᠪᠠᠢ᠌ᠪᠠᠯ ᠮᠦᠨ ᠨᠠᠰᠢ ᠪᠠᠨ ᠬᠤᠷᠤᠢ

ᠠᠮᠳᠠᠳᠠᠨ ᠵᠣᠢ᠌ᠯ ᠳᠤ ᠦᠨᠢᠳᠠ ᠶᠢᠨ ᠳᠡᠭᠡᠵᠢ ᠪᠠᠢ᠌ᠪᠠᠯ ᠪᠦᠷ ᠨᠠᠰᠢ ᠪᠠᠨ ᠬᠤᠷᠤᠢ

ᠱᠢᠷᠤ ᠭᠡᠯᠭᠢᠵᠤ ᠡᠭᠦᠯᠡᠨ ᠳᠤ ᠱᠠᠳᠤᠯᠠᠭᠰᠠᠨ ᠴᠤ ᠳᠡᠭᠦᠨ ᠡᠴᠠ ᠨᠢ ᠨᠢᠭᠡ ᠣᠯᠬᠤ ᠶᠤᠮᠰᠠᠨ

ᠰᠢᠭᠦᠳᠡᠷᠢ ᠶᠢᠨ ᠳᠤᠰᠤᠯ ᠶᠢᠡᠷ ᠷᠠᠰᠢᠶᠠᠨ ᠨᠡᠷᠡᠭ᠍ᠰᠡᠨ ᠴᠤ ᠳᠡᠭᠦᠨ ᠡᠴᠠ ᠨᠢ ᠨᠢᠭᠡ ᠠᠪᠬᠤ ᠶᠤᠮᠰᠠᠨ

ᠰᠢᠳᠦᠭᠡᠡᠳᠤ ᠪᠣᠭᠳᠠ ᠨᠤᠮᠤᠭᠠᠨ ᠳᠠᠭᠠᠨ ᠰᠥᠰᠦᠭᠯᠡᠨ ᠪᠠᠢ᠌ᠵᠤ ᠨᠠᠮᠠᠠᠴᠢᠯᠠᠶ᠎ᠠ

ᠰᠡᠳᠭᠢᠯ ᠤᠨ ᠭᠠᠭᠴᠠ ᠪᠦᠷᠢᠯᠸ᠎ᠡ ᠠᠪᠣ ᠳᠠᠭᠠᠨ ᠳᠡᠭᠡᠳᠦᠯᠡᠨ ᠳᠡᠪᠰᠢᠭᠦᠯᠦᠶ᠎ᠡ


ᠵᠤᠬᠢᠶᠠᠭᠴᠢ ᠶᠢᠨ ᠬᠠᠶ‍ᠢᠭ᠄ ᠰᠦᠨᠢᠳ ᠪᠠᠷᠠᠭᠤᠨ ᠬᠤᠰᠢᠭᠤ

ᠵᠤᠬᠢᠶᠠᠭᠴᠢ᠄ ᠰᠠᠳᠭᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2010 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ