ᠨᠡᠪᠲᠡᠷᠡᠨ ᠤᠷᠤᠬᠤ
ᠨᠤᠳᠤᠭ ᠤᠨ ᠦᠨᠦᠷ ᠲᠡᠶ ᠰᠠᠯᠭᠢ (ᠳᠠᠪᠣ)

ᠨᠢᠭᠡ᠂ ᠡᠯᠡᠴᠦᠳᠡᠢ ᠠᠭᠤᠯᠠ


ᠠᠪᠣ ᠰᠢᠭ

ᠠᠶᠤᠮᠠᠷ ᠬᠠᠷᠠᠭᠳᠠᠨ᠎ᠠ


ᠠᠭᠰᠢᠭᠠᠭᠰᠠᠨ

ᠬᠠᠷ᠎ᠠ ᠴᠠᠢ ᠳ᠋ᠤᠨᠢ ᠰᠢᠭ

ᠠᠷᠠᠯ ᠤᠨ ᠥᠭᠡᠷ

ᠪᠦᠭ᠍ᠳᠡᠭᠡᠷ ᠠᠠᠵᠢᠰᠤᠨ ᠳ᠋ᠤᠨᠢ ᠰᠢᠭ

ᠬᠠᠢ᠌ᠷ᠎ᠠ ᠪᠦᠷᠣᠢ᠌ᠯᠠᠨ᠎ᠡ


ᠪᠣᠭᠤᠷᠤᠯ ᠪᠣᠯᠵᠤ

ᠳᠡᠦᠭᠡ ᠭᠢᠷᠠᠭᠤᠯᠠᠨ᠎ᠠ


ᠳᠡᠦᠭᠡ ᠶᠢᠨ ᠭᠤᠷᠪᠠᠨ ᠥᠩᠭᠡ ᠳᠤ

ᠮᠠᠠᠨᠠᠢ᠌ᠭᠢᠨ ᠢ ᠢᠪᠠᠭᠡᠨ

ᠨᠤᠳᠤᠭ ᠬᠠᠢ᠌ᠷᠠᠯᠠᠵᠤ


ᠥᠭᠡᠳᠡ ᠳᠠᠳᠠᠭᠰᠠᠨ

ᠦᠣᠷ ᠬᠠᠷᠠᠭᠰᠠᠨ

ᠦᠨᠳᠦᠷ ᠣᠷᠭᠢᠯ ᠴᠢ ᠭᠡᠵᠤ


ᠥᠩᠭᠡᠵᠢᠵᠤ ᠦᠷᠡᠵᠢᠭᠦ ᠶᠢᠨ

ᠥᠶ‍ᠦᠭ᠌ ᠬᠤᠷ᠎ᠠ ᠴᠢ ᠭᠡᠵᠤ


ᠰᠥᠵᠢᠭ᠌ ᠪᠢᠰᠢᠷᠠᠯ ᠶᠢᠡᠷ ᠢᠷᠠᠨ᠎ᠡ

ᠰᠦᠯᠳᠡ ᠭᠡᠢ᠌ᠮᠤᠷᠢ ᠪᠠᠷ ᠢᠷᠠᠨ᠎ᠡ


ᠰᠠᠮᠠᠭᠤᠨ ᠴᠠᠭ ᠤᠨ

ᠬᠠᠯᠬᠠᠪᠴᠢ

ᠰᠠᠳᠠᠷᠠᠭᠰᠠᠨ ᠠᠢ᠌ᠮᠠᠭ ᠤᠳ ᠤᠨ

ᠳᠦᠰᠢᠯᠭᠡ


ᠦᠨᠳᠠᠢ᠌ᠨ ᠪᠣᠰᠤᠭᠰᠠᠨ

ᠡᠷ᠎ᠡ ᠶᠢᠨ ᠪᠠᠷᠠᠭ᠎ᠠ ᠪᠠᠷ

ᠥᠩᠭᠦᠯᠵᠡᠨ ᠰᠢᠷᠳᠡᠭ᠍ᠰᠡᠨ

ᠠᠭᠤᠯᠠᠰ ᠤᠨ ᠪᠠᠷᠠᠭ᠎ᠠ ᠪᠠᠷ


ᠳᠠᠭᠢᠨ ᠳᠠᠭᠢᠨ ᠡᠷᠢᠭ᠍ᠳᠡᠭᠦ

ᠨᠤᠳᠤᠭ ᠤᠨ ᠮᠢᠨᠢ

ᠡᠩᠭᠡᠷ ᠳᠤᠪᠴᠢ

ᠨᠤᠭᠤᠨ ᠦᠷ᠎ᠡ ᠪᠠᠨ ᠬᠠᠮᠠᠭᠠᠯᠠᠭᠰᠠᠨ

ᠨᠢᠭᠤᠴᠠ ᠳᠤᠪᠴᠢᠶᠠᠨ


ᠴᠢ ᠪᠢᠯᠢᠤ


       ᠬᠤᠶᠠᠷ᠂ ᠳᠡᠮᠡᠭᠡᠨ ᠭᠤᠤᠯ


ᠳᠡᠮᠡᠭᠡ ᠴᠤ ᠪᠢᠯᠢᠤ

ᠢᠮᠠᠭ᠎ᠠ ᠴᠤ ᠪᠢᠯᠢᠤ


ᠴᠢ ᠪᠣᠯ

ᠵᠠᠯᠠᠢ᠌ᠳ ᠸᠠᠩ ᠤᠨ

ᠥᠭᠡᠷ ᠤᠨ ᠪᠠᠯᠴᠢᠭᠡᠷ


ᠳᠡᠷᠪᠠᠭ᠍ᠰᠡᠨ ᠠᠷᠠᠤᠨ ᠤᠨ ᠴᠤᠪᠣᠷᠠᠯ

ᠳᠠᠠᠵᠢᠨ ᠴᠢᠨᠢ

ᠪᠠᠭᠳᠠᠨ ᠶᠠᠳᠠᠬᠤ ᠳ᠋ᠤ

ᠭᠤᠤᠯ ᠵᠥᠭ᠌ ᠶᠢᠡᠨ ᠴᠢ

ᠳᠠᠳᠠᠭᠤᠷᠠᠵᠤ ᠪᠠᠢ᠌ᠵᠠᠢ


ᠳᠡᠦᠭᠡ ᠶᠢᠨ ᠭᠤᠨᠢᠭ

ᠦᠶᠡᠷᠯᠠᠵᠤ ᠨᠢᠭᠡ

ᠳᠠᠳᠠᠭᠤᠷᠠᠵᠤ ᠨᠢᠭᠡ

ᠬᠣᠢ᠌ᠳᠤ ᠵᠥᠭ᠌ ᠡᠴᠡ ᠢᠷᠡᠭ᠍ᠰᠡᠨ

ᠴᠢ

ᠵᠡᠭᠦᠨ ᠵᠥᠭ᠌ ᠲᠤ

ᠴᠤᠴᠢᠮᠠᠭ ᠳᠠᠭᠢᠷᠯᠠᠨ᠎ᠠ


ᠳᠤᠷᠤᠨ᠎ᠠ ᠳᠠᠯᠠᠢ ᠳᠤ

ᠭᠦᠷᠦᠭ᠍ᠰᠡᠨ ᠡᠰᠡᠭᠦ ᠶᠢ ᠴᠢᠨᠢ

ᠣᠯᠵᠤ ᠪᠢ

ᠬᠠᠷᠠᠭᠰᠠᠨ ᠥᠭᠡᠢ


ᠳᠤᠮᠤᠭ ᠤᠨ ᠶᠠᠷᠢᠶᠠᠨ ᠳᠤ

ᠴᠢ

ᠳᠠᠠᠳᠠ ᠭᠦᠷᠭᠦ ᠭᠡᠵᠤ ᠭᠠᠷᠤᠯ᠎ᠠ ᠭᠡᠨ᠎ᠡ


ᠣᠷᠢᠶᠠᠩᠬᠠᠢ ᠠᠢ᠌ᠮᠠᠭ

ᠣᠷᠢᠶᠠᠩᠬᠠᠢ ᠪᠢᠰᠢ ᠪᠣᠯᠵᠤ

ᠣᠷᠢᠳᠤ ᠶᠢᠨ ᠮᠤᠩᠭ᠋ᠤᠯ

ᠮᠤᠩᠭ᠋ᠤᠯ ᠪᠢᠰᠢ ᠪᠣᠯᠵᠤ

ᠴᠢᠮᠢ᠋ᠢ ᠳᠤ ᠢᠷᠠᠨ᠎ᠠ


ᠥᠭ᠍ᠰᠤᠨ ᠣᠷᠤᠭᠤᠳᠠᠨ

ᠭᠡᠳᠤᠨ ᠵᠠᠭᠤᠨ ᠤ ᠳᠡᠦᠭᠡ ᠪᠠᠷ

ᠣᠷᠤᠰᠴᠤ ᠥᠩᠭᠡᠷᠡᠨ᠎ᠡ


ᠳᠠᠠᠵᠢᠨ ᠡᠴᠡ ᠴᠢᠨᠢ

ᠭᠠᠷᠤᠭᠰᠠᠨ ᠡᠴᠡ

ᠪᠢ ᠣᠳᠤ ᠪᠣᠴᠠᠵᠤ ᠣᠷᠤᠰᠤᠨ᠎ᠠ


ᠳᠡᠭᠡᠭᠦ ᠳᠤ ᠴᠢ

ᠭᠡᠳᠤ ᠡᠷᠳᠡ ᠬᠠᠳᠠᠵᠤ ᠡᠭᠢᠯᠡᠵᠡᠢ

ᠡᠷᠭᠢᠨ ᠡᠷᠭᠢᠨ ᠴᠤᠭᠢᠯᠠᠬᠤ

ᠦᠷ᠎ᠡ ᠶᠢᠨ ᠰᠡᠳᠭᠢᠯ

ᠭᠦᠷᠴᠤ ᠳᠡᠢ᠌ᠯᠭᠦ ᠦᠭᠡᠶ ᠯᠠ ᠪᠠᠢ᠌ᠨ᠎ᠠ


ᠡᠷᠭᠢᠭᠦ ᠵᠢᠯ ᠤᠨ ᠭᠠᠩ ᠭᠡᠵᠤ

ᠪᠠᠰᠠ

ᠭᠠᠷᠳᠠᠭ ᠪᠣᠯᠤ


ᠡᠵᠢ ᠡ


       ᠭᠤᠷᠪᠠ᠂ ᠴᠢᠯᠠᠭᠤᠨ ᠣᠪᠣᠭ᠎ᠠ


ᠡᠵᠢ ᠶᠢᠨ ᠮᠢᠨᠢ

ᠮᠦᠷᠭᠦᠵᠤ ᠵᠤᠯᠭᠠᠳᠠᠭ

ᠣᠪᠣᠭ᠎ᠠ


ᠠᠢ᠌ᠯ ᠶᠢᠡᠨ ᠰᠠᠭᠢᠵᠤ

ᠳᠤᠪᠣ ᠪᠡᠨ ᠰᠠᠭᠢᠵᠤ

ᠠᠭᠤᠯᠠ ᠳᠡᠭ᠍ᠷᠢ ᠵᠢ

ᠤᠢ᠌ᠷ᠎ᠡ ᠬᠤᠯᠪᠣᠭᠰᠠᠨ ᠴᠡᠭ᠌


ᠳᠡᠦᠭᠡ ᠶᠢᠨ ᠢᠮ ᠳᠡᠮᠳᠡᠭ᠌

ᠦᠴᠦᠭᠡᠳᠦᠷ ᠪᠣᠶᠤ ᠦᠨᠦᠳᠤᠷ


ᠬᠠᠮᠢᠭ᠎ᠠ ᠭᠦᠷᠦᠭ᠍ᠰᠡᠨ ᠴᠤ

ᠬᠠᠶᠠᠭᠳᠠᠳᠠᠭ ᠥᠭᠡᠢ

ᠬᠠᠮᠤᠭ ᠡᠷᠳᠡᠨ ᠤ ᠪᠣᠳᠠᠭᠠᠯᠢ


ᠡᠷᠢᠳᠡᠭ᠌ ᠴᠤ ᠣᠯᠳᠠᠭ

ᠡᠷᠢᠭᠦ ᠦᠭᠡᠶ ᠴᠤ ᠣᠯᠳᠠᠳᠠᠭ


ᠡᠷᠳᠡ ᠢᠵᠠᠭᠤᠷ ᠤᠨ

ᠳᠡᠭ᠍ᠷᠢ ᠣᠬᠠᠭᠠᠨ

ᠦᠪᠡᠷᠭᠢᠨ ᠶᠢᠡᠨ ᠳᠠᠨᠢᠳᠠᠭ

ᠪᠢᠳᠡᠭᠦᠤ ᠣᠬᠠᠭᠠᠨ


ᠮᠢᠨᠤᠭᠢ ᠳᠠᠨᠢᠳᠠᠭ

ᠬᠠᠮᠤᠭ ᠤᠨ ᠪᠠᠭ᠎ᠠ ᠣᠪᠣᠭ᠎ᠠ


       ᠳᠦᠷᠪᠠ᠂ ᠳᠠᠪᠠᠭᠠᠨ ᠵᠠᠮ


ᠨᠠᠷᠠᠨ ᠤ ᠭᠡᠷᠡᠯ ᠤᠨ

ᠭᠡᠮᠵᠢᠭᠦᠷ ᠪᠠᠢ᠌ᠵᠠᠢ


ᠨᠢᠳᠤ ᠴᠢᠯᠡᠭᠡᠵᠤ

ᠡᠳᠦᠷ ᠬᠤᠨᠤᠭ ᠢ ᠬᠤᠯᠪᠣᠭᠰᠠᠨ

ᠵᠡᠭᠦᠳᠤᠨ ᠤ ᠰᠢᠵᠢᠮ


ᠭᠠᠷᠬᠤ ᠭᠡᠵᠤ

ᠳᠠᠠᠳᠠ ᠭᠦᠷᠤᠨ᠎ᠡ

ᠪᠣᠴᠠᠬᠤ ᠭᠡᠵᠤ

ᠡ᠊ᠨᠳᠡ ᠢᠷᠠᠨ᠎ᠡ


ᠭᠠᠯᠠᠭᠤᠳ ᠤᠨ ᠵᠠᠯ᠎ᠠ ᠰᠢᠭ᠌

ᠳᠡᠭ᠍ᠷᠢ ᠳᠡᠭᠡᠨ

ᠰᠢᠩᠭᠡᠨ᠎ᠡ


ᠭᠠᠯ ᠨᠠᠷᠠᠨ ᠤ ᠭᠢᠨᠢ

ᠭᠦᠯᠦᠷᠡᠭ᠍ᠰᠡᠨ ᠣᠷᠤᠮ ᠪᠣᠯᠵᠤ

ᠨᠤᠳᠤᠭ ᠲᠤ ᠰᠢᠩᠭᠡᠨ᠎ᠡ


ᠠᠢ᠌ᠯ ᠳᠠᠮᠨᠠᠨ᠎ᠠ

ᠠᠷᠠᠯ ᠤᠨ ᠱᠠᠷ ᠶᠢᠡᠷ

ᠳᠠᠮᠤ ᠳᠠᠪᠠᠨ᠎ᠠ

ᠠᠶᠠᠷ ᠬᠤᠯᠠ ᠳ᠋ᠤ

ᠰᠡᠳᠭᠢᠯ ᠳᠠᠮᠤᠨ᠎ᠠ


ᠠᠪᠣ ᠶᠢᠨ ᠵᠢᠭᠠᠭᠰᠠᠨ

ᠠᠩᠬᠠᠨ ᠤ ᠳᠠᠪᠠᠭ᠎ᠠ ᠡ


      ᠲ᠋ᠠᠪᠣ᠂ ᠭᠤᠷᠪᠠᠨ ᠨᠤᠬᠠᠢ


ᠡᠪᠦᠯ ᠡᠪᠦᠯ ᠤᠨ

ᠳᠠᠷᠠ ᠴᠠᠭ ᠳᠤ

ᠡᠵᠢ ᠶᠢᠨ ᠰᠢᠷᠢᠳᠡᠭ᠌ ᠣᠯᠠ ᠪᠠᠷ

ᠣᠯᠤᠰᠤᠨ ᠣᠳᠠᠰᠤᠨ ᠤ ᠭᠢᠨᠢ ᠣᠷᠳᠤ ᠪᠠᠷ

ᠢᠷᠠᠨ᠎ᠡ


ᠰᠦᠨᠢ ᠰᠦᠨᠢ ᠵᠢᠨ

ᠭᠦᠯᠳᠡᠭᠦᠤ ᠳᠡᠭ᠍ᠷᠢ ᠪᠠᠷ

ᠬᠡᠦᠬᠡᠳ ᠨᠠᠰᠤᠨ ᠤ ᠵᠡᠭᠦᠳᠤᠨ ᠳ᠋ᠤ

ᠬᠤᠨᠤᠭ ᠵᠢᠭᠡᠯᠡᠵᠤ ᠪᠭᠤᠨ᠎ᠠ


ᠳᠤᠰᠤᠨ ᠳ᠋ᠸᠩ

ᠳᠤᠮᠤᠭᠯᠠᠵᠤ ᠣᠠᠳᠠᠷᠠᠳᠠᠭ ᠦᠭᠡᠶ

ᠭᠦᠳᠡᠭᠡ ᠶᠢᠨ ᠰᠦᠨᠢ


ᠠᠭᠤᠯᠠ ᠤᠨ ᠭᠢᠨᠢ

ᠪᠠᠷᠠᠭᠠᠨ ᠰᠡᠭᠦᠳᠡᠷ

ᠠᠢ᠌ᠯ ᠤᠨ ᠴᠢᠮᠡᠭᠡ ᠴᠢᠩᠨᠠᠵᠤ

ᠣᠯᠢᠳᠠᠭ ᠴᠢᠨ᠋ᠸ᠎ᠠ

ᠣᠠᠳᠠᠵᠤ ᠠᠮᠠᠷᠠᠭᠰᠠᠨ ᠵᠠᠮ


ᠳᠠᠷᠠ ᠪᠦᠭᠦᠨ ᠶᠢᠡᠷ

ᠡᠭᠦᠳᠡ ᠮᠦᠷᠭᠦᠵᠤ ᠥᠩᠭᠡᠷᠡᠨ᠎ᠡ


ᠮᠦᠰᠤ ᠪᠣᠯᠵᠤ

ᠮᠦᠷ ᠨᠢ ᠦᠯᠠᠳᠠᠨ᠎ᠡ


ᠮᠥᠩᠭᠡ ᠶᠢᠨ ᠪᠣᠯᠵᠤ

ᠳᠠᠭᠤ ᠨᠢ

ᠳᠡᠭ᠍ᠷᠢ ᠳᠡᠭᠡᠨ ᠬᠤᠴᠤᠷᠠᠨ᠎ᠠ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠬᠠᠭᠤᠴᠢᠨ ᠪᠠᠷᠭᠤ ᠬᠤᠰᠢᠭᠤᠨ ᠤ ᠦᠨᠳᠦᠰᠦᠳᠠᠨ ᠤ ᠪᠠᠭ᠎ᠠ ᠰᠤᠷᠭᠠᠭᠤᠯᠢ (ᠪᠦᠷᠢᠡᠪᠠᠶᠡᠷ)

ᠵᠤᠬᠢᠶᠠᠭᠴᠢ᠄ ᠵᠠᠢ᠌ᠳᠠᠩᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ