ᠨᠡᠪᠲᠡᠷᠡᠨ ᠤᠷᠤᠬᠤ
ᠠᠰᠬᠠᠳᠤ

ᠠᠭᠤᠷᠯᠠᠪᠠᠯ ᠠᠷᠪᠠᠨ ᠳᠠᠰ ᠤᠨ ᠰᠠᠯᠭᠢᠨ ᠳᠠᠢ

ᠣᠶᠠᠷᠠᠪᠠᠯ ᠠᠷᠪᠠᠨ ᠬᠤᠨᠤᠭ ᠤᠨ ᠪᠣᠷᠤᠭᠠᠨ ᠳᠠᠢ

ᠠᠰᠬᠠᠳᠤ ᠶᠢᠨ ᠳᠡᠭ᠍ᠷᠢ

ᠢᠯᠠᠨ ᠳᠠᠯᠠᠨ ᠦᠭᠡᠶ ᠮᠤᠩᠭ᠋ᠤᠯ ᠵᠠᠩ ᠳᠠᠢ

ᠣᠨᠠᠬᠤ ᠦᠭᠡᠶ ᠭᠡᠵᠤ ᠬᠠᠳᠠ ᠪᠣᠯᠤᠭᠰᠠᠨ

ᠣᠷᠤᠭᠤᠯᠬᠤ ᠦᠭᠡᠶ ᠭᠡᠵᠤ ᠬᠠᠷᠠᠭᠤᠯ ᠵᠤᠭᠰᠤᠭᠰᠠᠨ

ᠠᠰᠬᠠᠳᠤ ᠶᠢᠨ ᠠᠭᠤᠯᠠ

ᠡᠢ᠌ᠭᠦ ᠶᠢᠨ ᠴᠤ ᠠᠷᠭ᠎ᠠ ᠦᠭᠡᠶ ᠮᠤᠩᠭ᠋ᠤᠯ ᠮᠦᠰᠤ ᠳᠠᠢ

ᠠᠶᠠᠳᠠᠨ᠎ᠠ ᠦᠦ᠂ ᠬᠠᠷᠠᠳᠠᠨ᠎ᠠ ᠊ᠤᠤ

ᠠᠷᠠᠠᠰᠢᠨ ᠨᠢ ᠴᠢᠯᠠᠭᠤ ᠪᠠᠷ ᠵᠢᠠᠨ

ᠠᠰᠬᠠᠳᠤ

ᠳᠠᠷᠠ ᠴᠢᠭ᠌ ᠶᠢᠡᠷ ᠶᠢᠡᠨ ᠮᠤᠩᠭ᠋ᠤᠯ᠃


《ᠭᠢᠯᠢᠴᠢᠳ》 2009᠂ 8

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ