ᠨᠡᠪᠲᠡᠷᠡᠨ ᠤᠷᠤᠬᠤ
ᠮᠤᠩᠭ᠋ᠤᠯ ᠡᠵᠢ ᠶᠢᠨ ᠳᠡᠯᠭᠡᠷ ᠬᠠᠢ᠌ᠷ᠎ᠠ

ᠡᠵᠢ ᠭᠡᠰᠡᠨ ᠪᠠᠬᠠᠳᠠᠮ᠎ᠠ ᠰᠠᠢ᠌ᠬᠠᠨ ᠠᠯᠳᠠᠷ ᠤᠨ ᠶᠢᠡᠨ ᠡᠮᠤᠨ᠎ᠡ ᠡᠴᠡ ᠦᠷ᠎ᠡ ᠪᠠᠨ ᠭᠡᠰᠡᠨ ᠭᠦᠰᠡᠯ ᠤᠨ ᠨᠠᠷᠠ ᠡᠷᠭᠦᠵᠤ᠂ ᠭᠦᠮᠤᠨ ᠤ ᠬᠤᠷᠸ᠎ᠠ ᠳᠤ ᠠᠮᠢᠳᠤᠷᠠᠯ ᠳᠤᠪᠭᠢᠵᠤ ᠪᠠᠢ᠌ᠭ᠎ᠠ ᠡᠨᠡᠷᠢᠯ ᠤᠨ ᠰᠢᠳᠦᠭᠡᠨ ᠡᠵᠢ ᠪᠠᠨ ᠰᠠᠨᠠᠬᠤ ᠪᠦᠷᠢ ᠬᠠᠪᠣᠷ ᠤᠨ ᠵᠥᠭᠡᠯᠡᠨ ᠨᠠᠮᠢᠷᠠᠭ᠎ᠠ ᠬᠤᠷ᠎ᠠ ᠬᠠᠨᠠᠭᠠᠷ ᠳᠠᠯ᠎ᠠ ᠶᠢᠨ ᠲᠦᠮᠡ ᠪᠣᠮᠠᠨ ᠴᠡᠴᠡᠭ᠌ ᠤᠨ ᠭᠡᠯᠳᠡᠰ ᠢ ᠦᠨᠦᠰᠤᠨ ᠵᠠᠳᠠᠷᠠᠨ ᠳᠡᠯᠭᠡᠷᠡᠭᠦ ᠮᠠᠳᠤ ᠰᠡᠳᠭᠢᠯ ᠰᠡᠷᠭᠦᠨ ᠪᠠᠶ᠎ᠠ ᠴᠢᠩᠭ᠋ᠠᠷᠠᠳᠠᠭ ᠰᠠᠨ᠃

ᠮᠢᠨᠤ ᠡᠵᠢ ᠪᠣᠯ ᠵᠢᠷ ᠤᠨ ᠨᠢᠭᠡᠨ ᠭᠦᠳᠡᠭᠡ ᠶᠢᠨ ᠮᠠᠯᠴᠢᠨ ᠪᠦᠰᠡᠭᠦᠢ ᠶᠤᠮ᠃ ᠡᠵᠢ ᠮᠢᠨᠢ ᠭᠡᠷ ᠤᠨ ᠠᠷᠰᠠᠷ ᠠᠵᠢᠯ ᠡᠴᠡ ᠭᠡᠭᠡᠷ᠎ᠡ ᠭᠠᠳᠠᠨᠠᠭᠢ ᠶᠢᠨ ᠠᠵᠢᠯ ᠭᠢᠵᠤ ᠶᠠᠭᠠᠷᠠᠭᠠᠤᠨ ᠡᠳᠦᠷᠵᠢᠨ ᠪᠣᠷᠪᠢ ᠪᠣᠰᠭᠢᠯ ᠦᠭᠡᠶ ᠶᠠᠭᠠᠷᠠᠵᠤ᠂ ᠡᠷᠦᠭᠡ ᠭᠡᠷ ᠶᠢᠡᠨ ᠥᠭᠡᠳᠡ ᠲᠡᠶ ᠥᠩᠭᠡ ᠲᠡᠶ ᠠᠪᠴᠤ ᠶᠠᠪᠣᠬᠤ ᠪᠠᠷ ᠠᠮᠢᠳᠤᠷᠠᠯ ᠤᠨ ᠪᠦᠭᠦᠢᠯᠡ ᠭᠦᠰᠡᠯ ᠭᠦᠭᠡᠭᠡᠴᠡᠯᠳᠦᠯ ᠪᠣᠯᠭᠠᠭᠰᠠᠨ ᠪᠠᠢ᠌ᠳᠠᠭ᠃ ᠮᠠᠨ ᠤ ᠭᠢᠨ ᠭᠡᠵᠤ ᠳᠠᠪᠤᠨ ᠠᠮᠠ ᠭᠦᠮᠤᠨ ᠲᠡᠶ ᠭᠦᠳᠡᠭᠡ ᠶᠢᠨ ᠨᠢᠭᠡᠨ ᠵᠥᠳᠡᠭᠦᠭᠡᠨ ᠠᠮᠢᠳᠤᠷᠠᠯ ᠲᠡᠶ ᠠᠢ᠌ᠯ ᠪᠠᠢ᠌ᠭᠰᠠᠨ᠃ ᠢᠯᠠᠩᠭ᠋ᠤᠶ᠎ᠠ ᠤᠢ᠌ᠷ᠎ᠡ ᠶᠢᠨ ᠭᠡᠳᠤᠨ ᠵᠢᠯ ᠤᠨ ᠭᠠᠩ ᠬᠠᠭᠰᠠᠷᠭᠠᠨ ᠡᠴᠡ ᠪᠣᠯᠵᠤ ᠳᠠᠷᠢᠶᠠᠨ ᠣᠨᠠᠯᠳᠠ ᠳᠤᠤᠷ᠎ᠠ᠂ ᠮᠠᠯ ᠤᠨ ᠦᠰᠦᠯᠳᠠᠨ ᠴᠤ ᠠᠨᠠᠢ᠃ ᠡᠭᠦᠨ ᠤ ᠳᠡᠭᠡᠷ᠎ᠡ ᠨᠢ ᠪᠠᠰᠠ ᠬᠤᠶᠠᠷ ᠰᠤᠷᠤᠭᠴᠢ ᠶᠢ ᠬᠤᠳᠠ ᠶᠢᠨ ᠰᠤᠷᠭᠠᠭᠤᠯᠢ ᠳᠤ ᠪᠢᠴᠢᠭ᠌ ᠥᠵᠡᠭᠦᠯᠭᠦ ᠭᠡᠵᠤ ᠠᠮᠠᠷ ᠦᠦ ᠳ᠋ᠠ ⁈ ᠨᠠᠩ ᠴᠤ᠂ ᠶᠡᠭᠡ ᠨᠢ ᠪᠣᠯᠤᠭᠰᠠᠨ ᠪᠢ ᠶᠡᠭᠡ ᠰᠤᠷᠭᠠᠭᠤᠯᠢ ᠳᠤ ᠰᠤᠷᠤᠯᠴᠠᠵᠤ ᠵᠤᠭᠤᠰ ᠮᠦᠩᠭᠦᠨ ᠵᠠᠷᠤᠳᠠᠯ ᠣᠤᠯ ᠶᠢᠡᠨ ᠪᠣᠳᠤᠪᠠᠯ ᠨᠠᠩ ᠴᠤ ᠶᠡᠭᠡ ᠪᠣᠯᠤᠨ᠎ᠠ᠃ ᠡᠢ᠌ᠡᠭᠦ᠂ ᠠᠢ᠌ᠯ ᠭᠡᠷ ᠤᠨ ᠭᠦᠴᠢᠷᠳᠡᠯ ᠲᠡᠶ ᠪᠠᠢ᠌ᠳᠠᠯ ᠳᠤ ᠳᠠᠭᠠᠷᠠᠯᠳᠤᠭᠰᠠᠨ ᠠᠪᠣ ᠡᠵᠢ ᠶᠢᠨ ᠶᠢᠡᠨ ᠣᠤᠭᠠᠨ ᠭᠦᠤ ᠪᠣᠯᠤᠭᠰᠠᠨ ᠪᠢ ᠬᠤᠶᠠᠷ ᠠᠴᠢᠳᠠᠨ ᠤ ᠪᠠᠨ ᠠᠮᠢᠳᠤᠷᠠᠯ ᠤᠨ ᠠᠴᠢᠶ᠎ᠠ ᠶᠢ ᠭᠦᠩᠭᠡᠯᠡᠭᠦ ᠭᠡᠵᠤ ᠣᠯᠠᠨ ᠬᠤᠨᠤᠭ ᠣᠠᠭᠭᠠᠨ ᠪᠣᠳᠤᠯ ᠰᠢᠷᠭᠠᠭᠠᠵᠤ ᠶᠠᠪᠣᠯ᠎ᠠ᠃ ᠳᠡᠭᠡᠭᠡᠳ ᠨᠢᠭᠡᠨ ᠡᠳᠦᠷ ᠪᠢ ᠡᠵᠢ ᠳᠤ ᠪᠠᠨ᠄ 《ᠡᠵᠢ ᠡ︕ ᠠᠮᠢᠳᠤᠷᠠᠯ ᠤᠨ ᠭᠦᠡᠳᠤ ᠳᠠᠷᠤᠭᠠᠰᠤ ᠳᠠᠨ ᠤ ᠬᠤᠶᠠᠭᠤᠯᠠ ᠶᠢ ᠠᠮᠢᠰᠬᠤᠭ᠎ᠠ ᠠᠪᠣᠭᠤᠯᠬᠤ ᠦᠭᠡᠶ ᠵᠥᠳᠡᠭᠡᠵᠤ ᠪᠠᠢ᠌ᠨ᠎ᠠ᠂ ᠮᠢᠨᠤ ᠰᠤᠷᠤᠯᠭ᠎ᠠ ᠪᠠᠷᠤᠭᠳᠠᠢ᠂ ᠴᠢᠷᠮᠠᠢ᠌ᠭᠠᠤᠨ ᠳᠠᠮᠠᠢ ᠳᠤᠰᠠ ᠭᠠᠷᠬᠤ ᠦᠭᠡᠶ᠂ ᠭᠡᠷ ᠲᠡᠭᠡᠨ ᠣᠤᠭᠠᠨ ᠨᠢ ᠶᠤᠮ ᠴᠢᠨᠢ ᠶᠡᠭᠡ ᠰᠤᠷᠭᠠᠭᠤᠯᠢ ᠳᠤ ᠶᠠᠪᠣᠬᠤ ᠦᠭᠡᠶ ᠯᠠᠢ᠂ ᠳᠠᠨᠤᠰ ᠢ ᠬᠠᠪᠰᠤᠷᠤᠨ ᠠᠵᠢᠯ ᠭᠢᠵᠤ ᠳᠡᠭᠦᠤ ᠪᠠᠨ ᠪᠢᠴᠢᠭ᠌ ᠥᠵᠡᠭᠦᠯᠦᠶ᠎ᠡ》 ᠭᠡᠵᠤ ᠵᠤᠷᠢᠭᠯᠠᠵᠤ ᠭᠡᠯᠡᠭᠦ ᠳᠤ ᠡᠵᠢ ᠮᠢᠨᠢ ᠪᠠᠷᠢᠨ ᠳᠤᠤᠷ᠎ᠠ ᠨᠢ ᠰᠤᠴᠢᠨ ᠭᠠᠢ᠌ᠬᠠᠵᠤ ᠠᠪᠣᠭᠰᠠᠨ ᠶᠢᠡᠨ ᠳᠦᠳᠡᠭᠡᠨ ᠵᠠᠭᠤᠷ᠎ᠠ ᠬᠤᠶᠠᠷ ᠨᠢᠳᠤᠨ ᠡᠴᠡ ᠨᠢ ᠳᠤᠩᠭ᠋ᠠᠯᠠᠭ ᠨᠢᠯᠪᠣᠰᠤ ᠪᠦᠮᠪᠦᠷᠢᠯ᠎ᠡ᠃ ᠳᠠᠷᠠ ᠦᠶ᠎ᠡ ᠪᠢ ᠴᠤ ᠡᠷ᠎ᠡ ᠭᠦᠮᠤᠨ ᠤ ᠣᠮᠤᠭ᠂ ᠰᠦᠰᠦ ᠵᠤᠷᠢᠭ ᠨᠢᠭᠡᠮᠦᠰᠤᠨ ᠦᠭᠡᠶ ᠪᠣᠯᠵᠤ᠂ ᠭᠠᠭᠴᠠ ᠯᠤᠭᠰᠢᠭ᠎ᠠ ᠵᠢᠷᠦᠭᠡ ᠶᠢ ᠮᠢᠨᠢ ᠭᠢᠳᠤᠭ᠎ᠠ ᠪᠠᠷ ᠵᠦᠰᠤᠵᠤ ᠪᠠᠢ᠌ᠭ᠎ᠠ ᠶᠤᠮ ᠰᠢᠭ ᠰᠠᠨᠠᠭᠳᠠᠵᠤ ᠬᠤᠶᠠᠷ ᠨᠢᠳᠤᠨ ᠡᠴᠡ ᠦᠪᠡᠷ ᠤᠨ ᠡᠷᠭᠡ ᠦᠭᠡᠶ ᠨᠢᠯᠪᠣᠰᠤ ᠪᠦᠮᠪᠦᠷᠢᠵᠤ ᠪᠢᠯᠠ᠃ ᠳᠡᠭᠡᠭᠦ ᠳᠤ᠂ ᠡᠵᠢ ᠮᠢᠨᠢ ᠡᠪᠠᠷᠰᠢᠭ᠍ᠰᠡᠨ ᠬᠤᠶᠠᠷ ᠭᠠᠷ ᠶᠢᠡᠷ ᠶᠢᠡᠨ ᠨᠢᠯᠪᠣᠰᠤ ᠶᠢ ᠠᠷᠴᠢᠨ᠄ 《ᠳᠡᠭᠡᠵᠤ ᠶᠠᠭᠠᠭᠢᠵᠤ ᠪᠣᠯᠬᠤ ᠪᠣᠢ︖ ᠠᠪᠣ ᠡᠵᠢ ᠨᠢ ᠭᠦᠤ ᠶᠢᠨ ᠶᠢᠡᠨ ᠣᠬᠠᠭᠠᠨ ᠰᠠᠭᠤᠵᠤ ᠪᠠᠢ᠌ᠭ᠎ᠠ ᠳᠤ ᠪᠠᠶᠠᠷᠯᠠᠭᠠᠤᠨ ᠪᠠᠷᠠᠰᠢ ᠦᠭᠡᠶ᠂ ᠭᠦᠤ ᠮᠢᠨᠢ ᠰᠠᠨᠠᠭ᠎ᠠ ᠠᠮᠤᠷ ᠰᠤᠷᠤᠯᠴᠠ︕ ᠰᠤᠷᠤᠯᠭ᠎ᠠ ᠪᠠᠷᠤᠭᠳᠠᠢ ᠭᠡᠵᠤ ᠪᠢᠳᠡᠭᠡᠢ ᠴᠥᠭᠦᠷᠡ︕ ᠡᠷ᠎ᠡ ᠭᠦᠮᠤᠨ ᠪᠠᠶ᠎ᠠ ᠳᠤ ᠪᠠᠨ ᠢᠳᠡᠭᠡᠯ ᠲᠡᠶ ᠵᠢᠦᠡᠭᠦᠵᠤ ᠯᠠ ᠪᠠᠢ᠌ᠪᠠᠯ ᠯᠠᠪᠳᠠᠢ ᠵᠠᠮ ᠭᠠᠷᠬᠤ ᠶᠤᠮ᠃ ᠳᠠ ᠨᠡᠷ ᠢ ᠪᠠᠨ ᠭᠦᠮᠤᠨ ᠤ ᠣᠯᠠᠨ ᠤ ᠳᠤᠮᠳᠠ ᠥᠭᠡᠳᠡ ᠲᠡᠶ ᠥᠩᠭᠡ ᠲᠡᠶ ᠶᠠᠪᠣᠭᠤᠯᠤᠨ᠎ᠠ ᠭᠡᠭᠦ ᠡᠴᠡ ᠡᠵᠢ ᠨᠢ ᠪᠠᠶ᠎ᠠ ᠶᠠᠳᠠᠷᠠᠪᠠᠴᠤ ᠰᠡᠳᠭᠢᠯ ᠳᠡᠨᠢᠭᠦᠨ ᠰᠢᠤ》 ᠭᠡᠵᠤ ᠢᠨᠢᠶᠡᠮᠰᠦᠭᠯᠡᠪᠡ᠃ ᠨᠢᠳᠤᠨ ᠳ᠋ᠤᠨᠢ ᠨᠢᠯᠪᠣᠰᠤ ᠡᠷᠭᠢᠯᠳᠦᠵᠤ ᠪᠠᠢ᠌ᠭ᠎ᠠ ᠴᠤ ᠨᠢᠭᠤᠷ ᠳᠤᠨᠢ ᠢᠨᠢᠶᠡᠮᠰᠦᠭᠯᠡᠯ ᠳᠤᠳᠤᠷᠠᠵᠤ ᠪᠠᠢ᠌ᠭ᠎ᠠ ᠡᠵᠢ ᠪᠠᠨ ᠬᠠᠷᠠᠭᠠᠤᠨ ᠮᠢᠨᠤ ᠬᠠᠮᠠᠷ ᠪᠣᠷᠭᠢᠷᠠᠪᠠ᠃ ᠭᠡᠪᠠᠴᠤ 《ᠡᠷ᠎ᠡ ᠭᠦᠮᠤᠨ ᠤ ᠨᠢᠯᠪᠣᠰᠤ ᠡᠩᠭᠡᠷ ᠥᠭᠡᠳᠡ ᠪᠢᠰᠢ᠂ ᠦᠷᠤᠴᠠ ᠣᠷᠤᠭᠤ ᠣᠷᠤᠰᠳᠠᠭ》 ᠬᠣᠢ᠌ᠨ᠎ᠠ 《ᠡᠵᠢ ᠡ︕ ᠦᠨᠳᠦᠷ ᠶᠡᠭᠡ ᠠᠴᠢ ᠶᠢᠨ ᠴᠢᠨᠢ ᠬᠠᠷᠢᠭᠤ ᠭᠦᠤ ᠨᠢ ᠯᠠᠪ ᠴᠢᠷᠮᠠᠢ᠌ᠨ ᠰᠤᠷᠤᠯᠴᠠᠬᠤ ᠶᠤᠮ》 ᠭᠡᠵᠤ ᠠᠮᠠ ᠪᠠᠷ ᠶᠢᠡᠨ ᠪᠢᠰᠢ ᠵᠢᠷᠦᠭᠡ ᠪᠠᠷ ᠶᠢᠡᠨ ᠠᠮᠠᠯᠳᠠᠭᠰᠠᠨ ᠪᠢᠯᠠ᠃ ᠳᠡᠭᠡᠭᠦ ᠳᠤ ᠡᠵᠢ ᠮᠢᠨᠢ ᠰᠡᠳᠭᠢᠯ ᠠᠭᠤᠵᠢᠷᠠᠭᠰᠠᠨ ᠪᠠᠢ᠌ᠳᠠᠯ ᠲᠡᠶ ᠳᠤᠯᠤᠭᠠᠢ ᠳᠤᠭᠢᠵᠤ ᠯᠠ ᠪᠠᠢ᠌ᠭᠰᠠᠨ᠃ ᠳᠡᠭᠦᠨ ᠡᠴᠡ ᠬᠣᠢ᠌ᠰᠢ ᠪᠢ ᠡᠵᠢ ᠶᠢᠨ ᠶᠢᠡᠨ ᠠᠯᠠᠭ ᠦᠭᠡᠶ ᠬᠠᠢ᠌ᠷ᠎ᠠ ᠶᠢᠨ ᠬᠠᠷᠢᠭᠤ ᠭᠢᠴᠢᠶᠠᠯ ᠰᠤᠷᠤᠯᠭ᠎ᠠ ᠦᠪᠡᠷ ᠣᠷᠤᠯᠳᠤᠯᠭ᠎ᠠ ᠶᠢᠨ ᠶᠢᠡᠨ ᠠᠮᠵᠢᠯᠳᠠ ᠪᠠᠨ ᠡᠷᠭᠦᠭᠦ ᠭᠡᠵᠤ ᠨᠢᠭᠡ ᠰᠡᠳᠭᠢᠯ ᠶᠢᠡᠷ ᠮᠠᠷᠠᠢ᠌ᠨ ᠴᠢᠷᠮᠠᠢ᠌ᠵᠤ ᠢᠷᠠᠯ᠎ᠠ᠃

ᠪᠢ ᠭᠡᠷᠪᠡ ᠳᠠᠯ᠎ᠠ ᠨᠤᠳᠤᠭ ᠲᠤ ᠣᠷᠭᠤᠭᠰᠠᠨ ᠨᠢᠭᠡ ᠰᠢᠷᠭᠡᠭ᠌ ᠡᠪᠠᠰᠤ ᠪᠠᠢ᠌ᠭᠰᠠᠨ ᠪᠣᠯ ᠡᠭᠡ ᠶᠢᠨ ᠬᠠᠢ᠌ᠷ᠎ᠠ ᠨᠠᠳᠠ ᠳᠤ ᠨᠠᠮ ᠳᠡᠭ᠍ᠰᠢ᠂ ᠦᠩ ᠰᠢᠮᠡᠯᠢᠭ᠌᠂ ᠴᠡᠯᠡᠭᠡᠷ ᠠᠭᠤᠳᠠᠮ ᠳᠠᠯ᠎ᠠ ᠪᠣᠯᠬᠤ ᠶᠤᠮᠰᠠᠨ᠃ ᠢᠩᠭᠢᠭᠦ ᠪᠠᠷ ᠶᠢᠡᠨ ᠪᠢ ᠨᠤᠮᠢᠨ ᠨᠤᠭᠤᠭᠠᠨ ᠠᠮᠢ ᠨᠠᠰᠤ ᠪᠠᠨ ᠡᠰᠨᠢᠭᠦᠯᠤᠨ ᠡᠩ ᠦᠭᠡᠶ ᠦᠷᠭᠡᠨ ᠠᠭᠤᠳᠠᠮ ᠣᠷᠤᠨ ᠨᠤᠳᠤᠭ ᠤᠨ ᠶᠢᠡᠨ ᠭᠢᠯᠪᠠᠭ᠎ᠠ ᠰᠠᠴᠤᠷᠠᠭᠤᠯᠤᠨ ᠭᠦᠭ᠍ᠵᠢᠨ ᠴᠡᠴᠡᠭᠯᠡᠭᠦ ᠣᠢ᠌ᠯᠠᠰ ᠲᠤ ᠦᠪᠡᠷ ᠤᠨ ᠠᠯᠢᠪᠠ ᠪᠦᠭᠦᠨ ᠶᠢᠡᠨ ᠡᠷᠭᠦᠨ ᠵᠤᠷᠢᠭᠤᠯᠬᠤ ᠰᠠᠨ᠃ ᠪᠢ ᠭᠡᠷᠪᠡ ᠳᠠᠯ᠎ᠠ ᠨᠤᠳᠤᠭ ᠤᠨ ᠠᠭᠠᠷ ᠶᠢᠡᠷ ᠳᠠᠷᠪᠠᠨ ᠨᠢᠰᠦᠭ᠍ᠰᠡᠨ ᠨᠢᠭᠡᠨ ᠪᠣᠯᠵᠤᠮᠤᠷ ᠪᠠᠢ᠌ᠭᠰᠠᠨ ᠪᠣᠯ ᠡᠭᠡ ᠶᠢᠨ ᠬᠠᠢ᠌ᠷ᠎ᠠ ᠨᠠᠳᠠ ᠳᠤ ᠭᠦᠪᠠᠭᠡ ᠭᠢᠵᠠᠭᠠᠷ ᠨᠢ ᠬᠠᠷᠠᠭᠳᠠᠬᠤ ᠦᠭᠡᠶ ᠭᠦᠨ ᠴᠡᠩᠭᠡᠷ ᠣᠭᠳᠠᠷᠭᠤᠢ ᠪᠣᠯᠬᠤ ᠶᠤᠮ᠃ ᠢᠩᠭᠢᠭᠦ ᠪᠠᠷ ᠨᠢ ᠪᠢ ᠣᠷᠠᠨ ᠳᠤᠳᠤ ᠬᠤᠭᠤᠯᠠᠢ ᠪᠠᠷ ᠶᠢᠡᠨ ᠬᠠᠩᠭᠢᠨᠠᠳᠠᠯ᠎ᠠ᠂ ᠴᠢᠩᠭᠢᠨᠠᠳᠠᠯ᠎ᠠ ᠪᠠᠨ ᠵᠢᠷᠭᠢᠵᠤ᠂ ᠭᠦᠭᠡ ᠴᠡᠩᠭᠡᠷ ᠣᠭᠳᠠᠷᠭᠤᠢ ᠶᠢᠨ ᠠᠭᠠᠷ ᠮᠠᠠᠳᠠᠯ ᠢ ᠨᠠᠩ ᠭᠦᠨ ᠴᠡᠩᠭᠡᠷ᠂ ᠭᠡᠵᠢᠶᠡᠳᠡ ᠴᠠᠪᠠᠷ ᠠᠷᠢᠭᠤᠨ ᠭᠡᠪ ᠶᠢᠡᠷ ᠨᠢ ᠪᠠᠢ᠌ᠯᠭᠠᠬᠤ ᠶᠢᠨ ᠲᠦᠯᠦᠭᠡ ᠴᠤᠴᠠᠯᠳᠠ ᠦᠭᠡᠶ ᠴᠢᠷᠮᠠᠢ᠌ᠨ᠂ ᠴᠥᠭᠦᠷᠡᠯ ᠦᠭᠡᠶ ᠳᠠᠮᠠᠴᠠᠨ᠂ ᠦᠪᠡᠷ ᠤᠨ ᠨᠠᠮᠠᠷᠢ ᠬᠠᠠᠳᠢᠪ ᠶᠢᠡᠨ ᠡᠷᠭᠦᠨ ᠵᠤᠷᠢᠭᠤᠯᠤᠨᠠᠮ᠃

ᠡᠵᠢ ᠶᠢᠨ ᠰᠤᠶᠤᠷᠬᠠᠭᠰᠠᠨ ᠭᠦᠮᠤᠨ ᠪᠣᠯᠬᠤ ᠶᠢᠨ ᠶᠤᠰᠤ ᠠᠯᠳᠠ ᠡᠴᠡ ᠦᠨ᠎ᠡ ᠲᠡᠶ ᠳᠡᠭᠡᠳᠦᠯᠡᠭ᠍ᠳᠡᠵᠤ᠂ ᠰᠥ᠋ ᠰᠢᠭ᠌ ᠠᠷᠢᠭᠤᠨ ᠰᠡᠳᠭᠢᠯ ᠨᠢ ᠦᠷ᠎ᠡ ᠪᠣᠯᠤᠭᠰᠠᠨ ᠮᠢᠨᠤ ᠦᠷᠤ ᠵᠢᠷᠦᠭᠡᠨ ᠳᠤ ᠦᠨᠢ ᠮᠥᠩᠭᠡ ᠶᠢᠨ ᠰᠠᠢ᠌ᠨ ᠰᠠᠢ᠌ᠬᠠᠨ ᠤ ᠭᠡᠪ ᠳᠠᠭᠤᠷᠢᠶᠠᠯ ᠪᠣᠯᠵᠤ ᠳᠠᠮᠠᠭᠠᠯᠠᠭᠰᠠᠨ ᠰᠢᠤᠬᠠᠨ ᠬᠠᠳᠠᠩᠰᠢᠨ ᠰᠡᠢ᠌ᠯᠦᠭ᠍ᠳᠡᠵᠡᠢ᠃

ᠠᠯᠠᠭᠠᠨ ᠳᠡᠭᠡᠷ᠎ᠡ ᠪᠠᠨ ᠪᠦᠪᠠᠢ᠌ᠯᠠᠵᠤ ᠥᠰᠭᠡᠭ᠍ᠰᠡᠨ ᠡᠭᠡ ᠶᠢᠨ ᠬᠠᠢ᠌ᠷ᠎ᠠ᠂ ᠡᠩᠭᠡ ᠬᠤᠷᠸ᠎ᠠ ᠳᠤ ᠭᠠᠭᠴᠠᠬᠠᠨ ᠡᠨᠡ ᠨᠠᠰᠤᠨ ᠳᠤ ᠪᠠᠨ ᠬᠠᠷᠢᠭᠤᠯᠵᠤ ᠳᠠᠭᠤᠰᠤᠰᠢ ᠦᠭᠡᠶ᠃ ᠦᠢ᠌ ᠲᠦᠮᠡᠨ ᠮᠤᠩᠭ᠋ᠤᠯ ᠡᠵᠢ ᠶᠢᠨ ᠬᠠᠢ᠌ᠷ᠎ᠠ ᠳᠡᠯᠡᠭᠡᠢ ᠬᠠᠢ᠌ᠷ᠎ᠠ ᠪᠠᠢ᠌ᠵᠠᠢ᠃

               2009 ᠣᠨ ᠤ 10 ᠰᠠᠷ᠎ᠠ ᠶᠢᠨ 22 ᠤ ᠡᠳᠦᠷ ᠬᠦᠬᠡᠬᠤᠲᠠᠨ᠎ᠡ


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6199
ᠴᠠᠭ᠄ 2010 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ