☆ ᠡᠰᠨᠢᠯ
ᠵᠡᠭᠦᠳᠤᠨ ᠬᠤᠨ
ᠵᠡᠭᠡᠰᠦᠳᠤ ᠨᠠᠭᠤᠷ ᠤᠨ ᠬᠤᠨ ᠨᠢ
ᠵᠡᠷᠭᠡᠯᠭᠡᠨ ᠦᠷᠢᠰᠴᠤ ᠵᠢᠷᠭᠠᠨ᠎ᠠ
ᠵᠥᠭᠡᠯᠡᠨ ᠪᠣᠯᠪᠠᠷᠠᠢ ᠴᠢᠮ᠎ᠠ ᠳᠤ ᠪᠠᠨ
ᠵᠡᠭᠦᠳᠤᠨ ᠬᠤᠨᠤᠭ ᠶᠢᠡᠷ ᠠᠢ᠌ᠯᠴᠢᠯᠠᠨᠠ
ᠵᠦᠩ ᠳᠤ ᠪᠠᠨ ᠶᠠᠷᠤ ᠰᠤᠪᠢᠩ ᠥᠭᠡᠢ
ᠵᠢᠷᠦᠭᠡ ᠰᠡᠳᠭᠢᠯ ᠡᠮᠵᠡᠭᠯᠡᠨ᠎ᠡ
ᠵᠦᠢ ᠲᠡᠶ ᠨᠢᠭᠡᠨ ᠳᠤᠭᠠᠯᠠᠩ ᠪᠠᠢ᠌ᠪᠠᠯ
ᠵᠥᠭᠡᠷᠭᠡᠨ ᠣᠴᠠᠷᠠᠯ ᠪᠠᠢ᠌ᠳᠠᠭ ᠪᠢᠯᠢᠤ ︖
ᠬᠤᠯᠤᠰᠤᠳᠤ ᠨᠠᠭᠤᠷ ᠤᠨ ᠬᠤᠨ ᠨᠢ
ᠬᠤᠯᠠ ᠶᠢᠨ ᠳᠡᠷᠭᠡᠯ ᠶᠢᠡᠨ ᠭᠦᠰᠡᠨ᠎ᠡ
ᠬᠤᠩᠭ᠋ᠤᠷ ᠭᠦᠭᠡᠷᠦᠭᠦᠨ ᠴᠢᠮ᠎ᠠ ᠳᠤ ᠪᠠᠨ
ᠬᠤᠨᠤᠭ ᠤᠨ ᠵᠡᠭᠦᠳᠤ ᠪᠠᠷ ᠭᠡᠰᠤᠨᠡ
ᠬᠤᠪᠢ ᠳᠤ ᠪᠠᠨ ᠶᠠᠷᠤ ᠨᠢ ᠳᠠᠪᠢᠯᠠᠩ ᠥᠭᠡᠢ
ᠬᠤᠪᠳᠤᠯ ᠵᠢᠷᠦᠭᠡ ᠰᠢᠮᠰᠢᠷᠠᠨᠡ
ᠬᠤᠪᠣᠷᠬᠠᠨ ᠨᠢᠭᠡᠨ ᠲᠤᠬᠢᠶᠠᠯ ᠪᠠᠢ᠌ᠪᠠᠯ
ᠬᠤᠵᠢᠮ ᠤᠨ ᠵᠤᠯᠭᠠᠯᠳᠠ ᠪᠠᠢ᠌ᠳᠠᠭ ᠪᠢᠯᠢᠤ ︖
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10369
ᠴᠠᠭ᠄ 2013 ᠤᠨ ᠤ 08 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ