ᠨᠡᠪᠲᠡᠷᠡᠨ ᠤᠷᠤᠬᠤ
ᠪᠢ ᠨᠠᠷᠠ ᠲᠡᠶ ᠭᠦᠮᠤᠨ

ᠡᠷᠳᠡ ᠳᠤ

ᠶ‍ᠢᠰᠤᠨ ᠨᠠᠷᠠ

ᠠᠯᠢ ᠨᠢᠭᠡᠨ ᠡᠴᠡ ᠪᠠᠨ ᠬᠤᠴᠤᠷᠤᠯ ᠦᠭᠡᠶ

ᠦᠪᠡᠷ ᠦᠪᠡᠷ ᠤᠨ ᠨᠢᠳᠤ ᠪᠠᠷ ᠶᠢᠡᠨ

ᠪᠣᠯᠵᠤᠮᠤᠷ ᠤᠨ ᠭᠡᠯᠡ ᠲᠡᠶ

ᠪᠦᠮᠪᠤᠷᠬᠡᠨ ᠳᠡᠭ᠍ᠷᠢ ᠶᠢᠨ ᠳᠠᠩᠨᠠᠢ ᠡᠴᠡ

ᠪᠦᠮᠪᠦᠷᠴᠡᠭ᠌ ᠤᠨ ᠪᠣᠯᠠᠩᠭᠢᠷ ᠢ ᠳᠤᠯᠢᠳᠠᠨ᠎ᠠ

ᠪᠦᠮᠪᠦᠷᠴᠡᠭ᠌

ᠣᠨ ᠤ ᠡᠷᠭᠢᠯᠳᠡ ᠳᠤ

ᠪᠣᠭᠤᠷᠤᠯ ᠰᠡᠪᠠᠯᠭᠡ ᠲᠡᠶ ᠪᠣᠯᠤᠭᠰᠠᠨ ᠴᠤ

ᠪᠣᠮᠠᠨ ᠭᠦᠮᠤᠨ ᠤ ᠭᠠᠰᠠᠯ ᠳᠤ

ᠡᠯᠢᠭᠡ ᠡᠮᠳᠡᠷᠡᠨ᠎ᠡ

ᠡᠷᠭᠡᠰ ᠢ ᠳᠤᠭᠳᠠᠭᠠᠭᠴᠢ ᠣᠳᠤᠨ ᠢ

ᠨᠢᠳᠤ ᠪᠠᠨ ᠴᠢᠯᠠᠳᠠᠯ᠎ᠠ ᠭᠦᠯᠢᠶᠡᠨ᠎ᠡ

ᠣᠳᠤᠳ

ᠣᠭᠳᠠᠷᠭᠤᠢ ᠶᠢ ᠭᠠᠳᠠᠰᠤᠯᠠᠵᠤ

ᠣᠨ ᠣᠳᠠᠵᠤ ᠪᠠᠢ᠌ᠪᠠᠴᠤ

ᠣᠯᠠᠨ ᠡᠴᠡ ᠣᠠᠴᠠ ᠭᠡᠷᠡᠯᠳᠡᠢ

ᠴᠤᠯᠮᠤᠨ ᠪᠠᠢ᠌ᠬᠤ ᠦᠭᠡᠶ ᠳᠤ ᠪᠠᠨ

ᠢᠴᠢᠭᠦ ᠳᠤ ᠪᠠᠨ ᠠᠨᠢᠪᠠᠯᠵᠠᠭᠰᠠᠭᠠᠷ

ᠠᠷᠪᠠᠨ ᠭᠤᠷᠪᠠᠳᠤᠭᠠᠷ ᠵᠠᠭᠤᠨ ᠳᠤ ᠭᠦᠷᠪᠡ

ᠠᠷᠪᠠᠨ ᠭᠤᠷᠪᠠᠳᠤᠭᠠᠷ ᠵᠠᠭᠤᠨ

ᠴᠢᠩᠭᠢᠰ ᠭᠡᠮᠡᠭᠦ ᠨᠢᠭᠡᠨ ᠣᠳᠤᠨ

ᠡᠷᠭᠡᠰ ᠢ ᠳᠤᠭᠳᠠᠭᠠᠨ

ᠪᠦᠮᠪᠦᠷᠴᠡᠭ᠌ ᠢ ᠨᠢᠭᠡᠨ ᠠᠢ᠌ᠯ ᠪᠣᠯᠭᠠᠨ

ᠮᠤᠩᠭ᠋ᠤᠯ ᠭᠡᠮᠡᠭᠦ ᠨᠢᠭᠡᠨ ᠣᠴᠢ ᠶᠢ

ᠮᠥᠩᠭᠡ ᠭᠠᠯ ᠪᠣᠯᠭᠠᠨ ᠳᠦᠷᠡᠯᠵᠡᠭᠦᠯᠵᠤ

ᠪᠦᠭᠦᠨ ᠤ ᠨᠠᠷᠠ ᠪᠣᠯᠭᠠᠵᠤ ᠮᠠᠠᠳᠤᠭᠤᠯᠪᠠ

ᠦᠨᠦᠳᠤᠷ

ᠮᠢᠨᠤ ᠨᠠᠷᠠ

ᠠᠯᠢ ᠦᠶ᠎ᠡ ᠡᠴᠡ ᠴᠤ ᠡᠷᠳᠡ

ᠭᠤᠶᠤᠯᠠᠴᠢᠬᠠᠭᠠᠤᠨ

ᠰᠤᠯᠤᠩᠭ᠋ᠠᠨ ᠬᠠᠳᠠᠭ ᠲᠡᠶ

ᠰᠠᠠᠰᠠᠷ ᠤᠨ ᠣᠷᠳᠤᠨ ᠡᠴᠡ ᠪᠠᠨ

ᠰᠤᠨᠢᠭᠤᠴᠢ ᠬᠠᠷᠠᠴᠠ ᠪᠠᠷ ᠳᠤᠨᠤᠷᠠᠨ᠎ᠠ

ᠡᠵᠢ ᠶᠢᠨ ᠮᠢᠨᠢ ᠮᠦᠰᠢᠶᠠᠳᠤ ᠴᠢᠷᠠᠢ

ᠮᠢᠨᠤ ᠨᠠᠷᠠ

ᠦᠷ᠎ᠡ ᠶᠢᠨ ᠮᠢᠨᠢ ᠭᠡᠨᠡᠨ ᠵᠡᠭᠦᠳᠤ

ᠮᠢᠨᠤ ᠨᠠᠷᠠ

ᠨᠤᠳᠤᠭ ᠤᠨ ᠮᠢᠨᠢ ᠨᠤᠭᠤᠭᠠᠨ ᠥᠩᠭᠡ

ᠮᠢᠨᠤ ᠨᠠᠷᠠ

ᠨᠠᠢ᠌ᠷᠠᠭ ᠤᠨ ᠮᠢᠨᠢ ᠳᠤᠯᠤᠭᠠᠨ ᠡᠭᠡᠰᠢᠭ᠌

ᠮᠢᠨᠤ ᠨᠠᠷᠠ

ᠪᠢ ᠨᠠᠷᠠ ᠲᠡᠶ ᠡᠴᠡ

ᠬᠠᠷᠠᠩᠭ᠋ᠤᠢ ᠳᠤ ᠭᠦᠯ ᠠᠯᠳᠠᠬᠤ ᠦᠭᠡᠶ

ᠭᠦᠢᠳᠡᠨ ᠳᠤ ᠵᠢᠷᠦᠭᠡ ᠭᠦᠷᠦᠭᠦ ᠦᠭᠡᠶ

ᠪᠢ ᠨᠠᠷᠠ ᠲᠡᠶ ᠡᠴᠡ

ᠵᠤᠪᠠᠯᠠᠩ ᠳᠤ ᠳᠤᠯᠤᠮ ᠴᠢᠷᠭᠦ ᠦᠭᠡᠶ

ᠵᠢᠷᠭᠠᠯ ᠳᠤ ᠵᠢᠯᠤᠭᠤ ᠠᠯᠳᠠᠬᠤ ᠥᠭᠡᠢ

ᠪᠢ ᠨᠠᠷᠠ ᠲᠡᠶ ᠡᠴᠡ

ᠳᠡᠯᠡᠭᠡᠢ ᠶᠢ ᠳᠠᠪᠠᠯᠠᠭᠰᠠᠨ ᠭᠡᠷ ᠶᠢᠡᠨ ᠳᠤᠭᠤᠨᠤ ᠲᠡᠶ ᠪᠣᠰᠬᠠᠨ᠎ᠠ

ᠳᠢᠪ ᠢ ᠳᠤᠩᠰᠤᠯᠭᠠᠭᠰᠠᠨ ᠳᠡᠭᠡᠳᠤ ᠪᠠᠨ ᠳᠠᠭᠤ ᠲᠡᠶ ᠣᠩᠰᠢᠨ᠎ᠠ

ᠪᠢ ᠨᠠᠷᠠ ᠲᠡᠶ ᠡᠴᠡ

ᠮᠤᠷᠳᠠᠵᠤ ᠶᠠᠪᠣᠬᠤ ᠭᠦᠯᠦᠭ᠌ ᠤᠨ ᠳᠠᠯ ᠶᠢᠡᠨ ᠪᠣᠰᠤᠭ᠎ᠠ ᠳᠠᠯᠪᠢᠨ᠎ᠠ

ᠮᠥᠩᠭᠡᠷᠡᠳᠡᠯ᠎ᠡ ᠡᠭᠡᠰᠢᠭᠯᠡᠭᠦ ᠡᠭᠡ ᠭᠡᠯᠡ ᠪᠠᠨ ᠪᠣᠰᠤᠭ᠎ᠠ ᠪᠠᠷ ᠨᠢ ᠪᠢᠴᠢᠨ᠎ᠠ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ