ᠨᠡᠪᠲᠡᠷᠡᠨ ᠤᠷᠤᠬᠤ
ᠠᠰᠠᠷ ᠳᠤᠷᠭᠢᠭᠤᠯᠤᠭᠰᠠᠨ ᠢᠰᠢᠭᠡᠨ ᠮᠠᠢ᠌ᠯᠠᠭᠠᠨ

ᠠᠩᠬ᠎ᠠ ᠣᠳᠠᠭ᠎ᠠ ᠭᠦᠳᠡᠭᠡ ᠶᠠᠪᠣᠵᠤ ᠰᠢᠨᠡᠯᠡᠭ᠍ᠰᠡᠨ ᠭᠦᠤ ᠪᠠᠷᠢ ᠬᠤᠶᠠᠭᠤᠯᠠ ᠪᠠᠨ

ᠨᠠᠭ᠎ᠠ ᠡᠪᠦᠭᠡ ᠠᠪᠣ ᠡᠵᠢ ᠳᠦᠷᠤᠯ ᠰᠠᠳᠤᠨ ᠲᠡᠶ ᠪᠠᠨ ᠵᠤᠯᠭᠠᠬᠤ ᠪᠠᠷ

ᠰᠢᠨ᠎ᠡ ᠶᠢᠨ ᠬᠤᠶᠠᠷ ᠲᠤ ᠪᠧᠨ ᠳᠢᠶᠠᠨ ᠳᠡᠷᠭᠡ ᠪᠠᠷ ᠨᠠᠰᠢ ᠨᠢᠰᠭᠡᠯ᠎ᠡ ︕


ᠵᠡᠭᠦᠳᠤᠨ ᠳᠤ ᠦᠭᠡᠶ ᠭᠦᠭᠡᠷᠦᠭᠦᠨ ᠢᠰᠢᠭᠡ ᠳᠠᠪᠠᠷᠢᠨ ᠣᠷᠤᠵᠤ ᠢᠷᠡᠭᠦᠯᠡᠷ

ᠵᠥᠩᠳᠡᠭᠡᠨ ᠣᠤᠯᠭ᠎ᠠ ᠠᠯᠳᠠᠨ ᠡᠪᠠᠢ ᠶᠠᠮᠠᠷ ᠵᠢᠭᠳᠡᠢ᠌ᠭᠡᠨ ᠠᠮᠢᠳᠠᠨ ᠪᠣᠢ ᠭᠡᠵᠡᠭᠡᠪᠡ

ᠰᠢᠨ᠎ᠡ ᠶᠢᠨ ᠬᠤᠪᠴᠠᠰᠤ ᠳᠤᠷᠭᠠᠨ ᠨᠡᠮᠨᠡᠭᠡ ᠲᠡᠶ ᠰᠢᠨᠡᠯᠡᠭᠦ ᠪᠠᠷ ᠢᠷᠡᠭ᠍ᠰᠡᠨ ᠢ ᠶᠠᠭᠠᠭᠢᠨ᠎ᠠ ︕


ᠠᠢ᠌ᠯ ᠤᠨ ᠳᠡᠵᠢᠭᠡ ᠭᠡᠵᠤ ᠦᠭ‍ᠭᠦᠭ᠍ᠰᠡᠨ ᠢᠭᠢᠷ᠎ᠡ ᠢᠰᠢᠭᠡ ᠶᠢᠨ ᠨᠢᠭᠡ ᠭᠡᠨ᠎ᠡ

ᠡᠳᠦᠷ ᠪᠦᠷᠢ ᠰᠥ᠋ ᠣᠭᠵᠢᠨ ᠳᠡᠵᠢᠭᠡᠭᠦᠯᠡᠷ ᠭᠦᠮᠤᠨ ᠳᠠᠭᠠᠭᠠᠤᠨ ᠰᠠᠯᠬᠤ ᠥᠭᠡᠢ

ᠮᠠᠯᠢ * ᠶ᠋ᠢᠨ ᠣᠷᠤᠨ ᠳᠡᠭᠡᠷ᠎ᠡ ᠴᠤᠮᠴᠣᠢ᠌ᠨ ᠠᠰᠠᠷ ᠳᠤᠷᠭᠢᠳᠠᠯ᠎ᠠ ᠮᠠᠢ᠌ᠯᠠᠯ᠎ᠠ ︕


ᠣᠭᠵᠢ ᠪᠠᠨ ᠭᠦᠭᠦᠭᠦ ᠳᠤ ᠲᠦᠰ ᠭᠡᠳᠡᠯ᠎ᠡ ᠰᠥᠭᠦᠳᠦᠭ᠍ᠰᠡᠨ ᠦᠨᠦᠴᠢᠨ ᠢᠰᠢᠭᠡ

ᠡᠨᠡ ᠭᠡᠷ ᠤᠨ ᠭᠦᠮᠦᠰ ᠢ ᠢᠨᠢᠶᠡᠯᠭᠡᠭᠦ ᠶᠢᠨ ᠳᠠᠭᠠᠤ ᠡᠮᠵᠡᠭᠯᠡᠭᠦᠯᠦᠭ᠍ᠰᠡᠨ ᠪᠣᠯᠠᠢ

ᠬᠤᠨᠢᠳ ᠨᠢ ᠡᠭᠢᠯᠡᠨ ᠲᠦᠯᠯᠡᠭᠦ ᠳᠤ ᠨᠢᠭᠡᠨ ᠡᠭᠡ ᠣᠯᠵᠤ ᠬᠤᠪᠢᠶᠠᠯᠴᠠᠨ ᠭᠦᠭᠦᠭᠡᠰᠡᠢ ︕


ᠠᠰᠠᠷ ᠨᠢᠯᠴᠢᠭᠢᠨᠠᠮ᠎ᠠ ᠭᠠᠳᠠᠨ᠎ᠠ ᠵᠢᠩᠳᠡᠭᠦᠨ ᠦᠯᠡᠳᠡᠭᠡᠵᠤ ᠴᠢᠳᠠᠭᠰᠠᠨ ᠥᠭᠡᠢ

ᠢᠰᠢᠭᠡ ᠭᠡᠳᠤᠨ ᠬᠠᠢ᠌ᠷᠴᠠᠭ ᠰᠦ᠋ ᠲᠡᠶ 《ᠮᠠᠢ ︕ ᠮᠠᠢ ︕》 ᠭᠡᠮᠡᠨ ᠪᠣᠴᠠᠯ᠎ᠠ

ᠰᠢᠨ᠎ᠡ ᠶᠢᠨ ᠨᠢ᠋ᠮᠠᠨ ᠡᠴᠠ ᠣᠯᠠᠨ ᠬᠠᠨᠢᠳᠠᠨ ᠲᠡᠶ ᠪᠣᠯᠬᠤ ᠶᠤᠮ ᠭᠡᠨ᠎ᠡ ︕


ᠦᠯᠵᠠᠢ᠌ᠳᠤ ᠡᠳᠦᠷ ᠮᠠᠰᠢᠨ ᠳᠤ ᠰᠠᠭᠤᠨ ᠮᠠᠢ᠌ᠯᠠᠨ ᠪᠠᠭᠤᠭᠰᠠᠨ ᠢᠰᠢᠭᠡ ᠵᠢ

ᠨᠠᠶᠠᠨ ᠵᠢᠷᠭᠤᠭᠠᠳᠠᠢ ᠨᠠᠰᠤᠳᠠᠨ ᠠᠪᠣ ᠮᠢᠨᠢ ᠥᠭᠦᠭᠡᠷᠳᠡᠨ ᠳᠠᠪᠠᠷᠢᠵᠤ ᠰᠡᠭᠦᠳᠡᠷᠯᠡᠭᠦᠯᠪᠡ

ᠪᠠᠯᠭᠡ ᠳᠠᠮᠪᠠᠷᠢᠯ ᠢ ᠠᠪᠴᠢᠷᠠᠭᠰᠠᠨ ᠲᠦᠯ ᠤᠨ ᠳᠠᠭᠤᠨ ᠴᠢᠭᠢᠨ ᠳᠤ ᠬᠠᠩᠭᠢᠨᠠᠭᠰᠠᠭᠠᠷ ᠁


* ᠮᠠᠨ ᠤ ᠳᠡᠵᠢᠭᠡᠵᠤ ᠪᠠᠢ᠌ᠭ᠎ᠠ ᠨᠤᠬᠠᠢ ᠮᠠᠯᠢ ᠭᠡᠳᠡᠭ᠌ ᠨᠠᠷ᠎ᠠ ᠲᠡᠶ᠃


2013 ᠣᠨ ᠤ 2 ᠰᠠᠷ᠎ᠠ ᠵᠢᠨ 13 ᠊ᠤ ᠡᠳᠦᠷ



ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12495
ᠴᠠᠭ᠄ 2013 ᠤᠨ ᠤ 02 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ