ᠨᠡᠪᠲᠡᠷᠡᠨ ᠤᠷᠤᠬᠤ
ᠵᠠᠢ᠌ᠯᠠᠭᠤᠯᠵᠤ ᠴᠢᠳᠠᠰᠢ ᠦᠭᠡᠶ ᠬᠠᠷᠢᠭᠤᠴᠠᠯᠭ᠎ᠠ

    ᠪᠠᠩᠭᠢ ᠡᠴᠠ ᠴᠠᠯᠢᠩ ᠶᠢᠡᠨ ᠭᠠᠷᠭᠠᠬᠤ ᠭᠡᠳ ᠨᠢᠭᠡᠯᠭᠡᠨ ᠴᠠᠭ ᠤᠨ ᠴᠢᠯᠦᠭᠡ ᠠᠪᠣᠭᠰᠠᠨ ᠳᠤᠯᠠ ᠣᠯᠠᠨ ᠤ ᠳᠤᠮᠳᠠ ᠰᠢᠬᠠᠯᠴᠠᠨ ᠳᠠᠮᠨᠠᠯᠴᠠᠨ ᠪᠠᠢ᠌ᠵᠤ ᠳᠤᠭᠠᠳᠠᠢ ᠭᠡᠳᠦᠭᠡᠨ ᠵᠤᠭᠤᠰ ᠶᠢᠡᠨ ᠠᠷᠠᠢ ᠶᠠᠳᠠᠨ ᠣᠯᠪᠠ᠃

    ᠵᠤᠭᠤᠰ ᠤᠨ ᠳᠤᠭᠠᠯᠠᠭ᠎ᠠ ᠭᠦᠢᠴᠡᠳ᠂ ᠴᠠᠭ ᠶᠢᠡᠨ ᠬᠠᠷᠠᠪᠠᠯ ᠠᠷᠠᠢ ᠬᠤᠷᠢᠨ ᠮᠢᠨᠦ᠋ᠲ ᠤᠨ ᠴᠢᠯᠦᠭᠡ ᠴᠤ ᠦᠭᠡᠶ ᠪᠣᠯᠵᠠᠢ᠃ ᠵᠠ ᠣᠳᠤ ᠳᠦᠷᠭᠡᠯᠡᠭᠦ ᠦᠭᠡᠶ ᠭᠤᠷᠢ ᠦᠭᠡᠶ ᠭᠡᠵᠤ ᠭᠠᠳᠠᠭᠰᠢ ᠳᠦᠭᠦᠳᠡᠯ᠎ᠡ ᠬᠠᠵᠠᠭᠤ ᠡᠴᠠ᠄

     ᠊᠊᠊᠊᠊᠊᠊᠊᠊᠊᠊᠊᠊᠊᠊ ᠬᠠ᠊ ᠪᠠᠭᠰᠢ ᠴᠠᠯᠢᠩ ᠶᠢᠡᠨ ᠭᠠᠷᠭᠠᠪᠠ ᠦᠦ︖ ᠭᠡᠭᠦ ᠣᠶᠠᠬᠠᠨ ᠳᠠᠭᠤ ᠳᠤᠭᠤᠯᠳᠠᠪᠠ᠃ ᠳᠠᠷᠠ ᠳᠠᠰᠢ ᠨᠢ ᠬᠠᠷᠠᠪᠠᠯ ᠨᠠᠮ᠎ᠠ ᠳᠤ ᠳᠤᠷᠠᠯᠠᠵᠤ᠂ ᠨᠠᠳᠠ ᠳᠤ ᠢᠨᠠᠭ ᠤᠨ ᠰᠡᠳᠭᠢᠯ ᠶᠢᠡᠨ ᠢᠯᠡᠳᠭᠡᠵᠤ ᠪᠠᠢ᠌ᠭᠰᠠᠨ ᠴᠤ ᠰᠤᠷᠤᠯᠭ᠎ᠠ ᠨᠢ ᠠᠨᠠᠢ ᠭᠡᠵᠤ ᠨᠠᠳᠠ ᠳᠤ ᠳᠤᠭᠤᠭᠳᠠᠭᠰᠠᠨ ᠦᠭᠡᠶ ᠳᠤᠮᠳᠠᠳᠤ ᠰᠤᠷᠭᠠᠭᠤᠯᠢ ᠶᠢᠨ ᠮᠢᠨᠢ ᠬᠠᠮᠳᠤ ᠰᠤᠷᠤᠯᠭᠠᠳᠠᠨ ᠳᠤᠭᠤᠰ ᠪᠠᠢ᠌ᠵᠠᠢ᠃

     ᠊᠊᠊᠊᠊᠊᠊᠊᠊᠊᠊᠊᠊᠊᠊ ᠳᠠᠢ᠌ᠮᠤ ᠡ᠂ ᠠᠭᠤᠯᠵᠠᠭ᠎ᠠ ᠦᠭᠡᠶ ᠣᠳᠠᠯ᠎ᠠ᠂ ᠴᠢ ᠪᠠᠰᠠ ᠵᠤᠭᠤᠰ ᠶᠢᠡᠨ ᠭᠠᠷᠭᠠᠨ᠎ᠠ ᠦᠦ︖ ᠭᠡᠯ᠎ᠡ᠃ ᠳᠠᠷᠠ ᠳᠤᠭᠳᠠᠭᠰᠠᠨ ᠠᠵᠢᠯ ᠦᠭᠡᠶ ᠪᠣᠯᠬᠤᠷ ᠴᠠᠯᠢᠩ ᠶᠢᠡᠨ ᠭᠠᠷᠭᠠᠨ᠎ᠠ ᠦᠦ ᠭᠡᠵᠤ ᠠᠰᠠᠭᠤᠪᠠᠯ ᠳᠡᠭᠦᠨ ᠢ ᠳᠤᠷᠤᠮᠵᠢᠯᠠᠭᠰᠠᠨ ᠶᠠᠪᠣᠳᠠᠯ ᠪᠣᠯᠬᠤ ᠶᠤᠮ᠂ ᠳᠠᠢ᠌ᠮᠤ ᠮᠦᠷᠳᠡᠭᠡᠨ ᠳᠡᠭᠦᠨ ᠤ ᠡᠷ᠎ᠡ ᠨᠥᠭᠦᠷ ᠨᠢ ᠭᠡᠳᠤᠨ ᠵᠢᠯ ᠤᠨ ᠡᠮᠤᠨ᠎ᠡ ᠡᠴᠠ ᠪᠠᠷ᠎ᠠ ᠳᠠᠰᠤᠷᠠᠭᠰᠠᠨ ᠪᠠᠢ᠌ᠵᠤ ᠠᠮᠢᠳᠤᠷᠠᠯ ᠳᠤ ᠨᠢ ᠶᠡᠭᠡᠭᠡᠨ ᠬᠤᠪᠢᠷᠠᠯᠳᠠ ᠭᠠᠷᠴᠠᠢ ᠭᠡᠵᠤ ᠣᠯᠠᠨ ᠰᠤᠨᠤᠰᠴᠤ ᠪᠠᠢ᠌ᠭᠰᠠᠨ ᠶᠤᠮ ᠪᠢᠯᠠ᠃

     ᠊᠊᠊᠊᠊᠊᠊᠊᠊᠊᠊᠊᠊᠊᠊ ᠦᠭᠡᠶ᠂ ᠪᠢ ᠵᠤᠭᠤᠰ ᠬᠠᠳᠠᠭᠠᠯᠠᠬᠤ ᠪᠠᠷ ᠢᠷᠠᠵᠠᠢ᠂ ᠳᠡᠭᠡᠭ᠍ᠰᠡᠨ ᠴᠢᠨᠢ ᠡᠳᠦᠢ ᠣᠯᠠᠨ ᠭᠦᠮᠤᠨ ᠲᠡᠶ ᠬᠠᠷᠭᠤᠭᠠᠤᠨ ᠰᠢᠬᠠᠯᠳᠤᠬᠤ ᠡᠴᠠ ᠪᠠᠨ ᠵᠢᠷᠦᠭᠡᠰᠢᠶᠡᠵᠤ ᠪᠠᠢ᠌ᠨ᠎ᠠ᠂ ᠡᠮᠤᠨ᠎ᠡ ᠬᠤᠶᠠᠷ ᠡᠳᠦᠷ ᠵᠤᠭᠤᠰ ᠬᠠᠳᠠᠭᠠᠯᠠᠭᠤᠯᠬᠤ ᠪᠠᠷ ᠢᠷᠡᠭᠦ ᠳᠤ ᠭᠦᠮᠤᠨ ᠴᠤ ᠪᠠᠢ᠌ᠭᠰᠠᠨ ᠦᠭᠡᠶ ᠰᠢᠳᠠ ᠭᠡᠵᠤ ᠲᠦᠪ ᠴᠢᠷᠠᠢ᠌ᠯᠠᠨ ᠶᠠᠷᠢᠨ᠎ᠠ᠃

    ᠨᠠᠳᠠ ᠴᠠᠭ ᠪᠠᠴᠢᠮ ᠪᠣᠯᠤᠭᠰᠠᠨ ᠶᠢᠡᠨ ᠳᠤᠳᠤᠯᠤᠨ ᠭᠡᠯᠡᠶ᠎ᠡ ᠭᠡᠵᠤ ᠰᠠᠨᠠᠳᠠᠯ᠎ᠠ ᠨᠥᠭᠦᠭᠡ ᠬᠠᠵᠠᠭᠤ ᠡᠴᠠ ᠨᠢᠭᠡᠨ ᠡᠪᠦᠭᠡᠵᠢᠶᠡᠷ ᠭᠦᠮᠤᠨ᠄

     ᠊᠊᠊᠊᠊᠊᠊᠊᠊᠊᠊᠊᠊᠊᠊ ᠡ᠂ ᠳᠠᠪᠠᠭᠤ ᠴᠤ ᠰᠠᠢ᠌ᠨ ᠪᠣᠯᠤᠯ᠎ᠠ᠂ ᠮᠤᠩᠭ᠋ᠤᠯ ᠬᠡᠦᠬᠡᠳ ᠶᠤᠮ ᠪᠠᠢ᠌ᠨ᠎ᠠ᠂ ᠨᠠᠳᠠ ᠳᠤᠰᠠᠯᠠᠭᠠᠤᠨ ᠦᠭ‍ᠭᠦᠨ᠎ᠡ ᠦᠦ︖ ᠭᠡᠭᠦ ᠪᠠᠷ ᠡᠰᠡᠷᠭᠦ ᠨᠢ ᠬᠠᠷᠠᠪᠠᠯ ᠵᠥᠪᠭᠡᠨ ᠳᠤᠳᠤᠨ᠎ᠠ ᠡᠴᠠ ᠨᠢ ᠭᠠᠳᠠᠭᠰᠢ ᠶᠠᠭᠤᠮ᠎ᠠ ᠣᠯᠵᠤ ᠬᠠᠷᠠᠬᠤ ᠡᠴᠠ ᠪᠢᠰᠢ ᠭᠠᠳᠠᠨ᠎ᠠ ᠡᠴᠠ ᠨᠢ ᠴᠤᠬᠤᠮ ᠶᠠᠭᠤ ᠴᠤ ᠮᠡᠳᠡᠭ᠍ᠳᠡᠭᠦ ᠦᠭᠡᠶ ᠨᠠᠷᠢᠬᠠᠨ ᠵᠢᠷᠤᠭᠠᠰᠤ ᠰᠢᠭ᠌ ᠨᠢᠳᠤ ᠲᠡᠶ ᠡᠪᠦᠭᠡᠨ ᠪᠠᠢ᠌ᠵᠤ᠂ ᠡᠴᠡᠵᠤ ᠳᠤᠷᠠᠭᠠᠤᠨ ᠬᠠᠷᠠᠯᠠᠵᠤ ᠪᠣᠷᠤᠯᠠᠭᠰᠠᠨ ᠴᠢᠷᠠᠢ ᠨᠢ ᠨᠠᠷᠠᠨ ᠳᠤ ᠭᠤᠷᠰᠢᠵᠤ ᠠᠳᠤᠷᠢᠵᠤ ᠪᠣᠯᠤᠮᠠᠷ ᠭᠠᠵᠠᠷ ᠨᠢ ᠪᠠᠷᠤᠭ ᠪᠦᠷ ᠠᠳᠤᠷᠢᠴᠢᠬᠠᠭᠰᠠᠨ ᠥᠵᠡᠭ᠍ᠳᠡᠪᠡ᠃

     ᠊᠊᠊᠊᠊᠊᠊᠊᠊᠊᠊᠊᠊᠊᠊ ᠶᠠᠮᠠᠷ ᠣᠴᠢᠷ ᠪᠣᠯᠪᠠ︖ ᠭᠡᠵᠤ ᠳᠤᠷᠠᠮᠠᠭᠴᠢᠬᠠᠨ ᠠᠰᠠᠭᠤᠪᠠᠯ ᠡᠪᠦᠭᠡᠨ᠄

     ᠊᠊᠊᠊᠊᠊᠊᠊᠊᠊᠊᠊᠊᠊᠊ ᠮᠢᠨᠤ ᠴᠠᠯᠢᠩ ᠢ ᠭᠠᠷᠭᠠᠭᠠᠤᠨ ᠦᠭ‍ᠭᠦᠨ᠎ᠡ ᠦᠦ︖ ᠡᠨᠡ ᠪᠠᠩᠭᠢ ᠡᠴᠠ ᠪᠢ ᠳᠦᠷᠦᠭᠦᠤ ᠣᠳᠠᠭ᠎ᠠ ᠴᠠᠯᠢᠩ ᠳᠤᠰᠬᠤ ᠪᠣᠯᠤᠭᠰᠠᠨ ᠳᠤᠯᠠ ᠶᠠᠮᠠᠷ ᠣᠬᠠᠭᠠᠨ ᠢ ᠨᠢ ᠴᠤ ᠣᠯᠳᠠᠬᠤ ᠦᠭᠡᠶ ᠪᠠᠢ᠌ᠨ᠎ᠠ ᠭᠡᠳ ᠭᠠᠷ ᠲᠤ ᠪᠠᠨ ᠠᠳᠬᠤᠭᠰᠠᠨ ᠬᠠᠳᠠᠭᠠᠯᠠᠮᠵᠢ ᠶᠢᠨ ᠳᠠᠪᠳᠠᠷ ᠶᠢᠡᠨ ᠮᠢᠨᠤ ᠵᠥᠭ᠌ ᠰᠤᠩᠭ᠋ᠠᠨ᠎ᠠ᠃

    ᠲ᠋ᠡᠭᠡᠳᠡᠯ᠎ᠡ ᠳᠤᠭᠤᠰ ᠭᠡᠳᠥᠢᠨ ᠵᠠᠪᠳᠤᠵᠤ᠄

     ᠊᠊᠊᠊᠊᠊᠊᠊᠊᠊᠊᠊᠊᠊᠊ ᠠᠪᠣ ᠳᠠ ᠨᠢᠭᠡ ᠰᠠᠢ᠌ᠨ ᠭᠦᠮᠤᠨ ᠲᠡᠶ ᠳᠠᠭᠠᠷᠠᠯᠳᠤᠯ᠎ᠠ ᠰᠢᠤ᠂ ᠡᠭᠦᠨ ᠡᠴᠠ ᠥᠭᠡᠷ᠎ᠡ ᠳᠠᠨ ᠳᠤ ᠳᠤᠰᠠᠯᠠᠬᠤ ᠭᠦᠮᠤᠨ ᠡ᠊ᠨᠳᠡ ᠯᠠᠪ ᠪᠠᠢ᠌ᠬᠤ ᠦᠭᠡᠶ᠂ ᠳᠠᠷᠠ ᠰᠢᠬᠠᠯᠳᠤᠵᠤ ᠣᠢ᠌ᠮᠠᠯᠳᠤᠵᠤ ᠪᠠᠢ᠌ᠬᠤ ᠰᠢᠠᠵᠢ ᠶᠢ ᠨᠢ ᠥᠵᠡᠭᠦ ᠦᠭᠡᠶ ᠦᠦ︖ ᠭᠡᠵᠤ ᠣᠯᠠᠨ ᠤ ᠵᠥᠭ᠌ ᠳᠤᠭᠢᠬᠤ ᠶᠢᠨ ᠳᠠᠭᠠᠤ ᠶᠠᠷᠢᠨ᠎ᠠ᠃

    ᠴᠠᠭ ᠠᠮᠵᠢᠬᠤ ᠦᠭᠡᠶ ᠪᠣᠯᠤᠭᠰᠠᠨ ᠶᠢᠡᠨ ᠭᠠᠷᠭᠠᠵᠤ ᠭᠡᠯᠡᠶ᠎ᠡ ᠭᠡᠰᠡᠨ ᠴᠤ ᠡᠪᠦᠭᠡᠨ ᠤ ᠴᠢᠷᠠᠢ᠌ᠴᠢᠯᠠᠨ ᠬᠠᠷᠠᠭᠰᠠᠨ ᠦᠷᠦᠪᠳᠦᠩᠭᠦᠢ ᠴᠢᠷᠠᠢ ᠠᠮᠠ ᠶᠢ ᠠᠶᠠᠠᠳᠠᠭᠠᠨ ᠳᠠᠭᠯᠠᠴᠢᠬᠠᠪᠠ᠃

    ᠪᠢ ᠪᠠᠷᠤᠭ ᠲᠦᠯᠭᠢᠵᠤ ᠴᠢᠳᠠᠬᠤ ᠦᠭᠡᠶ ᠡᠭᠦᠷᠭᠡ ᠣᠯᠤᠭᠰᠠᠨ ᠶᠢᠡᠨ ᠭᠠᠳᠠᠷᠯᠠᠵᠤ ᠮᠡᠳᠡᠭᠡᠳ ᠠᠷᠭ᠎ᠠ ᠥᠭᠡᠢ᠌ᠭᠡᠨ᠄

     ᠊᠊᠊᠊᠊᠊᠊᠊᠊᠊᠊᠊᠊᠊᠊ ᠬᠠᠳᠠᠭᠠᠯᠠᠮᠵᠢ ᠪᠠᠨ ᠠᠯᠢ ᠳ᠋ᠠ ᠭᠡᠪᠠᠯ ᠡᠪᠦᠭᠡᠨ ᠭᠠᠷ ᠳᠠᠭᠢ ᠪᠠᠨ ᠦᠭ‍ᠭᠦ ᠶᠢᠨ ᠰᠠᠴᠠᠭᠤ᠄

     ᠊᠊᠊᠊᠊᠊᠊᠊᠊᠊᠊᠊᠊᠊᠊ ᠣᠤᠯ ᠨᠢ ᠪᠢ ᠣᠯᠠᠭᠠᠨ ᠪᠠᠯᠭᠠᠰᠤᠨ ᠤ ᠠᠮᠤ ᠪᠣᠳᠠᠭᠠᠨ ᠤ ᠭᠦᠮᠦᠷᠭᠡ ᠳᠤ ᠠᠵᠢᠯᠯᠠᠵᠤ ᠪᠠᠢ᠌ᠭᠰᠠᠨ ᠶᠢᠡᠨ ᠣᠳᠤ ᠠᠮᠠᠷᠠᠬᠤ ᠪᠣᠯᠤᠭᠠᠤᠨ ᠴᠠᠯᠢᠩ ᠢ ᠬᠤᠰᠢᠭᠤᠨ ᠳᠤ ᠨᠡᠭᠦᠯᠭᠡᠨ ᠨᠢᠭᠡᠳᠦᠯᠳᠡᠢ ᠦᠭ‍ᠭᠦ ᠪᠣᠯᠤᠭᠰᠠᠨ ᠰᠢᠤ᠂ ᠶᠠᠮᠠᠷ ᠶᠤᠰᠤ ᠪᠣᠯᠬᠤ ᠶᠢ ᠮᠡᠳᠡᠭᠦ ᠦᠭᠡᠶ᠂ ᠪᠠᠩᠭᠢ ᠭᠡᠳᠡᠭ᠌ ᠭᠠᠵᠠᠷ ᠨᠢ ᠪᠢ ᠠᠩᠬ᠎ᠠ ᠢᠷᠡᠭᠦ ᠳᠤᠯᠠ ᠣᠬᠠᠭᠠᠨ ᠢ ᠨᠢ ᠣᠯᠳᠠᠬᠤ ᠦᠭᠡᠶ᠂ ᠬᠡᠦᠬᠡᠳ ᠬᠠᠮᠵᠢᠭᠠᠤᠨ ᠠᠯᠢ ᠭᠡᠭᠦ ᠶᠤᠮ᠃

     ᠊᠊᠊᠊᠊᠊᠊᠊᠊᠊᠊᠊᠊᠊᠊ ᠭᠡᠳᠦᠢ ᠶᠢ ᠨᠢ ᠭᠠᠷᠭᠠᠵᠤ ᠠᠪᠬᠤ ᠪᠣᠢ︖

     ᠊᠊᠊᠊᠊᠊᠊᠊᠊᠊᠊᠊᠊᠊᠊ ᠳᠠᠪᠤᠨ ᠵᠠᠭᠤ ᠶᠢ ᠨᠢ ᠭᠠᠷᠭᠠᠶ᠎ᠠ᠂ ᠥᠯᠡᠳᠡᠭᠦ ᠭᠤᠷᠪᠠᠨ ᠵᠠᠭᠤ ᠶᠢ ᠨᠢ ᠠᠪᠬᠤ ᠦᠭᠡᠶ ᠴᠤ ᠬᠠᠮᠢᠶ᠎ᠠ ᠦᠭᠡᠶ ᠦᠭᠡᠶ ᠭᠡᠪᠡ ᠦᠦ︖

     ᠊᠊᠊᠊᠊᠊᠊᠊᠊᠊᠊᠊᠊᠊᠊ ᠵᠠ᠂ ᠮᠡᠳᠡᠭ᠍ᠰᠡᠨ ᠡᠰᠡᠭᠦᠯ᠎ᠡ ᠁ ᠭᠡᠳ ᠳᠤᠭᠤᠰ ᠲᠤ ᠶᠠᠷᠰᠢᠭ ᠢ ᠲᠦᠯᠭᠢᠵᠤ ᠦᠭ‍ᠭᠦ ᠭᠡᠪᠠᠯ ᠳᠠᠷᠠ ᠠᠯᠢ ᠭᠡᠳᠥᠢᠨ ᠨᠥᠭᠦᠭᠡ ᠳᠠᠢ᠌ᠰᠢ ᠵᠠᠢ᠌ᠯᠠᠭᠠᠤᠨ ᠶᠠᠪᠣᠴᠢᠬᠠᠵᠠᠢ᠃

    ᠲ᠋ᠡᠭᠡᠭᠡᠳ ᠠᠷᠭ᠎ᠠ ᠦᠭᠡᠶ ᠵᠤᠭᠤᠰ ᠤᠨ ᠨᠥᠭᠡ ᠣᠷᠤᠭᠤ ᠰᠢᠬᠠᠴᠠᠯᠳᠤᠭᠰᠠᠨ ᠭᠦᠮᠦᠰ ᠤᠨ ᠳᠤᠮᠳᠠ ᠰᠢᠬᠠᠨ ᠣᠷᠤᠪᠠ᠃

    ᠴᠠᠭ ᠪᠠᠴᠢᠮ ᠮᠦᠷᠳᠡᠭᠡᠨ ᠦᠯᠦ ᠳᠠᠨᠢᠬᠤ ᠭᠦᠮᠤᠨ ᠳᠤ ᠢᠩᠭᠢᠵᠤ ᠶᠠᠮᠠᠷ ᠴᠤ ᠰᠢᠯᠳᠠᠭᠠᠨ ᠣᠴᠢᠷ ᠦᠭᠡᠶ ᠪᠠᠷ ᠣᠢ᠌ᠯᠠᠴᠢᠯᠠᠵᠤ ᠪᠠᠢ᠌ᠬᠤ ᠪᠠᠨ ᠪᠣᠳᠤᠩᠭ᠋ᠤᠳᠠ ᠰᠢᠬᠠᠯᠳᠤᠬᠤ ᠴᠢᠳᠠᠯ ᠳᠤᠷᠤᠳᠠᠭᠠᠤᠨ ᠢᠷᠡᠭᠦ ᠰᠢᠭ᠌ ᠪᠣᠯᠴᠢᠬᠠᠵᠠᠢ᠃ ᠭᠡᠪᠠᠴᠤ ᠪᠠᠶ᠎ᠠ ᠪᠠᠨ ᠰᠤᠭᠤᠴᠢᠬᠤ ᠶᠢᠨ ᠠᠷᠭ᠎ᠠ ᠦᠭᠡᠶ ᠠᠯᠪᠠ ᠳᠤ ᠪᠠᠷᠢᠭᠳᠠᠭᠰᠠᠨ ᠶᠢᠡᠨ ᠮᠡᠳᠡᠭᠦ ᠳᠤᠯᠠ ᠵᠥᠪᠭᠡᠨ ᠴᠤᠩᠬᠤ ᠶᠢ ᠳᠠᠮᠠᠤᠯᠤᠨ ᠰᠢᠬᠠᠯᠳᠤᠨ᠎ᠠ᠃

    ᠰᠢᠬᠠᠯᠳᠤᠵᠤ ᠪᠠᠢ᠌ᠭ᠎ᠠ ᠡᠳᠡᠭᠡᠷ ᠭᠦᠮᠦᠰ ᠤᠨ ᠠᠯᠢ ᠨᠢ ᠴᠤ ᠪᠦᠷ ᠨᠠᠳᠠ ᠰᠢᠭ ᠶᠢᠡᠷ ᠴᠠᠭ ᠢ ᠠᠮᠵᠢᠬᠤ ᠦᠭᠡᠶ ᠪᠣᠯᠬᠤ ᠦᠭᠡᠶ ᠭᠦᠢᠴᠡᠳ ᠰᠢᠯᠳᠠᠭᠠᠨ ᠲᠡᠶ ᠪᠣᠯᠤᠯᠳᠠᠢ᠂ ᠭᠡᠨ ᠠᠯᠢ ᠨᠢ ᠴᠤ ᠨᠠᠢ᠌ᠷ ᠬᠠᠶᠠᠵᠤ ᠵᠠᠢ ᠳᠠᠯᠪᠢᠵᠤ ᠦᠭ‍ᠭᠦ ᠦᠭᠡᠶ ᠪᠠᠢ᠌ᠯ᠎ᠠ᠃

    ᠰᠢᠬᠠᠯᠳᠤᠭᠰᠠᠭᠠᠷ ᠭᠦᠷᠦᠭ᠍ᠰᠡᠨ ᠴᠤᠩᠬᠤᠨ ᠡᠴᠠ ᠵᠤᠭᠤᠰ ᠢ ᠨᠢ ᠣᠯᠵᠤ ᠠᠳᠬᠤᠳᠠᠯ᠎ᠠ ᠴᠠᠭ ᠣᠷᠣᠢ᠌ᠳᠠᠵᠤ ᠴᠢᠯᠦᠭᠡᠯᠡᠭ᠍ᠰᠡᠡ ᠴᠠᠭ ᠡᠴᠠ ᠪᠠᠨ ᠨᠢᠭᠡᠨᠲᠡ ᠭᠡᠳᠦᠷᠡᠭ᠍ᠰᠡᠨ ᠭᠡᠳᠡᠭ᠌ ᠶᠢᠡᠨ ᠮᠠᠳᠠᠯ᠎ᠠ᠃

     ᠊᠊᠊᠊᠊᠊᠊᠊᠊᠊᠊᠊᠊᠊᠊ ᠵᠠ ᠠᠪᠣ ᠡ ᠵᠤᠭᠤᠰ ᠶᠢᠡᠨ ᠳᠤᠭᠠᠯᠠᠭᠠᠤᠨ ᠠᠪ᠂ ᠬᠠᠳᠠᠭᠠᠯᠠᠮᠵᠢ ᠳᠤ ᠴᠢᠨᠢ ᠮᠦᠨ ᠭᠤᠷᠪᠠᠨ ᠵᠠᠭᠤ ᠵᠢᠷᠠ ᠭᠠᠷᠤᠢ ᠳᠦᠭᠦᠷᠢᠭ᠌ ᠦᠯᠠᠳᠠᠵᠠᠢ ᠭᠡᠵᠤ ᠡᠪᠦᠭᠡᠨ ᠳᠤ ᠵᠤᠭᠤᠰ ᠬᠠᠳᠠᠭᠠᠯᠠᠮᠵᠢ ᠲᠡᠶ ᠨᠢ ᠭᠠᠷᠳᠠᠭᠤᠯᠤᠭᠠᠤᠨ ᠰᠠ‍‌ᠶᠢ ᠭᠦᠯᠦᠷᠡᠵᠤ ᠣᠰᠤᠳᠤᠭᠰᠠᠨ ᠨᠢᠭᠤᠷ ᠶᠢᠡᠨ ᠠᠷᠠᠢ ᠨᠢᠭᠡ ᠣᠯᠵᠤ ᠠᠷᠴᠢᠪᠠ᠃

    ᠡᠪᠦᠭᠡᠨ ᠵᠤᠭᠤᠰ ᠶᠢᠡᠨ ᠳᠤᠭᠠᠯᠠᠯ ᠦᠭᠡᠶ ᠪᠠᠷ᠄

     ᠊᠊᠊᠊᠊᠊᠊᠊᠊᠊᠊᠊᠊᠊᠊ ᠰᠠᠢ᠌ᠨ ᠪᠣᠯᠤᠯ᠎ᠠ᠂ ᠡᠨᠡ ᠬᠡᠦᠬᠡᠳ ᠳᠡᠭᠡᠭᠡᠳ ᠶᠠᠮᠠᠷ ᠠᠵᠢᠯ ᠭᠢᠵᠤ ᠪᠠᠢ᠌ᠨ᠎ᠠ︖ ᠭᠡᠭᠦ ᠪᠠᠷ᠄

     ᠊᠊᠊᠊᠊᠊᠊᠊᠊᠊᠊᠊᠊᠊᠊ ᠪᠢ ᠪᠠᠭᠰᠢ ᠶᠢᠨ ᠠᠵᠢᠯ ᠲᠡᠶ᠂ ᠳᠠᠷᠠᠭ᠎ᠠ ᠭᠢᠴᠢᠶᠠᠯ ᠨᠢ ᠮᠢᠨᠤ ᠪᠣᠯᠬᠤᠷ ᠶᠠᠭᠠᠷᠠᠵᠤ ᠪᠠᠢ᠌ᠨ᠎ᠠ ᠭᠡᠵᠤ ᠭᠡᠯᠡᠮᠡᠭ᠍ᠴᠡ ᠭᠠᠳᠠᠭᠰᠢ ᠡᠷᠭᠢᠭᠦ ᠳᠤ ᠡᠪᠦᠭᠡᠨ ᠠᠷᠤ ᠡᠴᠠ᠄

     ᠊᠊᠊᠊᠊᠊᠊᠊᠊᠊᠊᠊᠊᠊᠊ ᠬᠡᠦᠬᠡᠳ ᠴᠢ ᠪᠣᠶᠠᠨ ᠶᠢᠡᠨ ᠡᠳ᠋ᠯᠡᠭᠦ ᠶᠤᠮ ᠡ︕ ᠭᠡᠵᠤ ᠢᠷᠦᠭᠡᠨ᠎ᠡ᠃

    ᠲ᠋ᠠᠷᠠ ᠡᠳᠦᠷ ᠨᠢ ᠳᠡᠭᠡᠭᠡᠳ ᠪᠢ ᠪᠣᠶᠠᠨ ᠶᠢᠡᠨ ᠡᠳ᠋ᠯᠡᠭᠡᠳ ᠠᠵᠢᠯ ᠶᠢᠡᠨ ᠳᠦᠭᠡ ᠰᠥᠭᠦᠮ ᠵᠦᠷᠢᠭᠦᠯᠭᠦ ᠦᠭᠡᠶ ᠡᠷᠭᠢᠯᠡᠭ᠍ᠴᠢ ᠳᠤ ᠪᠠᠨ ᠭᠢᠴᠢᠶᠠᠯ ᠰᠠᠭᠠᠳᠤᠭᠰᠠᠨ ᠭᠡᠭ᠍ᠳᠡᠭᠡᠳ ᠠᠷᠪᠠᠨ ᠳᠦᠭᠦᠷᠢᠭ᠌ ᠶᠢᠡᠨ ᠬᠤᠰᠤᠭᠤᠯᠤᠭᠰᠠᠨ ᠪᠢᠯᠠ᠃

    ᠰᠤᠷᠭᠠᠭᠤᠯᠢ ᠳᠠᠷᠠᠭᠠᠤᠨ ᠭᠡᠷ ᠲᠤ ᠪᠠᠨ ᠬᠠᠷᠢᠭᠰᠠᠨ ᠤ ᠬᠣᠢ᠌ᠨ᠎ᠠ ᠡᠨᠡᠭᠦ ᠭᠢᠯᠢᠰᠳᠠᠯ ᠶᠢᠡᠨ ᠡᠭᠡᠨᠡᠷ ᠲᠤ ᠪᠠᠨ ᠭᠠᠷᠭᠠᠵᠤ ᠭᠡᠯᠡᠭᠦ ᠳᠤ 《ᠢᠯᠡᠭᠦᠤ ᠶᠠᠷᠰᠢᠭ ᠲᠤ ᠳᠤᠷᠠᠳᠠᠢ ᠪᠠᠢ᠌ᠳᠠᠭ ᠬᠤᠭᠢ ᠴᠢᠨᠢ ᠳᠠᠷᠠ》 ᠭᠡᠰᠡᠨ ᠳᠠᠢ᠌ᠤᠠᠬᠤᠷᠯᠠᠯ ᠣᠯᠤᠭᠠᠤᠨ ᠠᠮᠠᠷᠠᠭᠰᠠᠨ ᠶᠤᠮ᠃

    ᠭᠦᠮᠤᠨ ᠠᠮᠢᠳᠤᠷᠠᠭᠰᠠᠨ ᠤ ᠬᠣᠢ᠌ᠨ᠎ᠠ ᠴᠤᠬᠤᠮ ᠣᠯᠬᠤ ᠶᠢᠨ ᠲᠦᠯᠦᠭᠡ ᠶᠤᠮ ᠦᠦ︖ ᠡᠰᠡᠭᠦᠯ᠎ᠡ ᠣᠯᠤᠭᠰᠠᠨ ᠶᠢᠡᠨ ᠵᠠᠷᠤᠴᠠᠭᠤᠯᠬᠤ ᠶᠢᠨ ᠲᠦᠯᠦᠭᠡ ᠶᠤᠮ ᠦᠦ︖ ᠪᠣᠤ ᠮᠠᠳᠠ᠃ ᠴᠠᠯᠢᠩ ᠭᠦᠯᠦᠰᠤ ᠳᠤᠭᠳᠠᠭᠰᠠᠨ ᠳᠤᠭ᠎ᠠ ᠲᠡᠶ ᠪᠣᠯᠪᠠᠴᠤ ᠡᠷᠭᠡᠪᠰᠢ ᠠᠮᠢᠳᠤᠷᠠᠬᠤ ᠳᠤᠯᠠ ᠳᠠᠷᠠᠭ᠎ᠠ ᠰᠠᠷ᠎ᠠ ᠶᠢᠨ ᠴᠠᠯᠢᠩ ᠳᠠᠯᠪᠢᠭᠰᠠᠨ ᠤ ᠭᠢᠨᠢ ᠭᠤᠷᠪᠠᠳᠤᠭᠠᠷ ᠡᠳᠦᠷ ᠲᠤ ᠪᠢ ᠮᠦᠨ ᠪᠠᠩᠭᠢ ᠣᠷᠤᠭᠤ ᠭᠦᠶ‍ᠦᠭ᠍ᠰᠡᠨ ᠶᠤᠮᠰᠠᠨ᠃

    ᠪᠠᠩᠭᠢ ᠳᠤ ᠣᠷᠤᠬᠤ ᠳᠤ ᠨᠢᠭᠡᠨᠲᠡ ᠮᠠᠷᠳᠠᠮᠠᠷ ᠪᠠᠢ᠌ᠭᠰᠠᠨ ᠳᠠᠷᠠ ᠡᠪᠦᠭᠡᠨ ᠮᠢᠨᠤ ᠡᠮᠤᠨ᠎ᠡ ᠭᠡᠨᠡᠳᠲᠡ ᠢᠯᠡᠷᠡᠭᠡᠳ ᠢᠷᠠᠨ᠎ᠡ ᠭᠡᠵᠤ ᠭᠡᠨ ᠰᠠᠨᠠᠨ᠎ᠠ᠃

     ᠊᠊᠊᠊᠊᠊᠊᠊᠊᠊᠊᠊᠊᠊᠊ ᠡ᠂ ᠭᠦᠤ ᠡ᠂ ᠴᠢᠮ᠎ᠠ ᠶᠢ ᠪᠢ ᠡ᠊ᠨᠳᠡ ᠭᠤᠷᠪᠠᠨ ᠡᠳᠦᠷ ᠭᠦᠯᠢᠶᠡᠯ᠎ᠡ ᠰᠢᠤ᠂ ᠳᠡᠭᠡᠷ᠎ᠡ ᠣᠳᠠᠭ᠎ᠠ ᠴᠢᠨᠤ ᠠᠯᠢ ᠰᠤᠷᠭᠠᠭᠤᠯᠢ ᠶᠢᠨ ᠭᠡᠨ ᠭᠡᠳᠡᠭ᠌ ᠢ ᠴᠢᠨᠢ ᠠᠰᠠᠭᠤᠵᠤ ᠠᠮᠵᠢᠭᠰᠠᠨ ᠦᠭᠡᠶ ᠳᠤ ᠪᠠᠨ ᠭᠡᠮᠰᠢᠵᠤ ᠥᠭᠦᠯ᠎ᠡ ᠭᠡᠭ᠍ᠰᠡᠭᠡᠷ ᠭᠦᠯᠢᠶᠡᠵᠤ ᠶᠠᠳᠠᠭᠰᠠᠨ ᠵᠤᠯ ᠵᠢᠷᠭᠠᠯᠳᠤ ᠴᠠᠭ ᠮᠦᠴᠡ ᠨᠢ ᠣᠳᠤ ᠨᠢᠭᠡᠨᠲᠡ ᠨᠢᠳᠤᠨ ᠡᠮᠤᠨ᠎ᠡ ᠨᠢ ᠭᠦᠷᠦᠭᠡᠳ ᠢᠷᠡᠭ᠍ᠰᠡᠨ ᠶᠤᠮ ᠰᠢᠭ᠌ ᠪᠠᠶᠠᠷᠯᠠᠵᠤ ᠳᠤᠭᠳᠤᠯᠤᠭᠰᠠᠨ᠂ ᠰᠡᠳᠭᠢᠯ ᠳᠠᠯᠪᠢᠭᠤᠷᠠᠭᠰᠠᠨ ᠤ ᠠᠯᠢ ᠠᠯᠢ ᠨᠢ ᠪᠦᠷ ᠴᠢᠷᠠᠢ ᠳᠡᠭᠡᠷ᠎ᠡ ᠨᠢ ᠨᠢᠭᠤᠵᠤ ᠴᠢᠳᠠᠯ ᠦᠭᠡᠶ ᠢᠯᠠ ᠬᠠᠷᠠᠭᠳᠠᠭᠰᠠᠨ ᠪᠠᠢ᠌ᠷᠢᠳᠠᠢ ᠨᠠᠮ᠎ᠠ ᠶᠢ ᠬᠠᠷᠠᠵᠤ ᠪᠠᠢ᠌ᠯ᠎ᠠ᠃

    ᠰᠠᠨᠠᠭᠠᠨ ᠳᠤ ᠣᠷᠤᠮ᠎ᠠ ᠦᠭᠡᠶ ᠭᠡᠨᠡᠳᠲᠡ ᠠᠭᠤᠯᠵᠠᠵᠤ ᠳᠠᠭᠠᠷᠠᠯᠳᠤᠭᠰᠠᠨ ᠪᠣᠯᠪᠠᠴᠤ ᠡᠪᠦᠭᠡᠨ ᠢ ᠬᠠᠷᠠᠮᠠᠭᠴᠠ ᠳᠠᠨᠢᠭᠰᠠᠨ ᠳᠤᠯᠠ ᠄

     ᠊᠊᠊᠊᠊᠊᠊᠊᠊᠊᠊᠊᠊᠊᠊ ᠡᠪᠦᠭᠡᠨ ᠠᠪᠣ ᠮᠦᠨ ᠴᠠᠯᠢᠩ ᠶᠢᠡᠨ ᠠᠪᠬᠤ ᠭᠡᠵᠤ ᠪᠠᠢ᠌ᠨ᠎ᠠ ᠦᠦ︖ ᠨᠠᠮ᠎ᠠ ᠶᠢ ᠡ᠊ᠨᠳᠡ ᠭᠤᠷᠪᠠᠨ ᠡᠳᠦᠷ ᠭᠦᠯᠢᠶᠡᠭᠡᠳ ᠶᠠᠭᠠᠭᠢᠬᠤ ᠭᠡᠰᠡᠨ ᠪᠣᠢ︖ ᠭᠡᠵᠤ ᠡᠪᠦᠭᠡᠨ ᠢ ᠬᠠᠷᠠᠬᠤ ᠳᠤ ᠳᠡᠭᠡᠷ᠎ᠡ ᠣᠳᠠᠭᠠᠨ ᠡᠴᠠ ᠪᠠᠨ ᠨᠠᠯᠢᠶᠠᠤᠨ ᠢᠯᠡᠭᠦᠤ ᠳᠤᠷᠠᠵᠠᠢ᠃

     ᠊᠊᠊᠊᠊᠊᠊᠊᠊᠊᠊᠊᠊᠊᠊ ᠴᠠᠯᠢᠩ ᠶᠢᠡᠨ ᠠᠪᠣᠶ᠎ᠠ ᠭᠡᠭᠦ ᠳᠤ ᠮᠦᠨ ᠴᠢᠳᠠᠬᠤ ᠦᠭᠡᠶ ᠪᠣᠯᠬᠤᠷ ᠴᠢᠮ᠎ᠠ ᠶᠢ ᠭᠦᠯᠢᠶᠡᠵᠤ ᠰᠠᠭᠤᠭᠰᠠᠨ ᠰᠢᠤ ᠭᠡᠵᠤ ᠭᠡᠯᠡᠭ᠍ᠰᠡᠨ ᠶᠢᠡᠨ ᠬᠤᠳᠠᠯ ᠭᠡᠯᠡᠭ᠍ᠰᠡᠨ ᠬᠡᠦᠬᠡᠳ ᠰᠢᠭ᠌ ᠢᠨᠢᠶᠡᠴᠢᠭᠡᠪᠡ᠃

    ᠡᠪᠦᠭᠡᠨ ᠳᠤᠩ ᠭᠦᠭᠡᠷᠦᠭᠦᠢ ᠬᠠᠷᠠᠭᠳᠠᠵᠠᠢ᠂ ᠡᠨᠡ ᠣᠳᠠᠭ᠎ᠠ ᠮᠢᠨᠤ ᠴᠠᠭ ᠳᠡᠭᠡᠷ᠎ᠡ ᠣᠳᠠᠭᠠᠨ ᠡᠴᠠ ᠬᠤᠯᠠ ᠴᠢᠯᠦᠭᠡᠳᠡᠢ ᠪᠠᠢ᠌ᠭᠰᠠᠨ ᠶᠢᠡᠨ ᠳᠤᠳᠤᠷᠬᠠᠢ᠌ᠯᠠᠵᠤ ᠭᠡᠯᠡᠭᠦ ᠶᠢᠨ ᠳᠠᠭᠠᠤ ᠳᠡᠭᠡᠷ᠎ᠡ ᠣᠳᠠᠭ᠎ᠠ ᠪᠣᠶᠠᠨ ᠶᠢᠡᠨ ᠡᠳ᠋ᠯᠡᠭᠡᠳ ᠠᠷᠪᠠᠨ ᠳᠦᠭᠦᠷᠢᠭ᠌ ᠬᠠᠰᠤᠭᠤᠯᠤᠭᠰᠠᠨ ᠶᠢᠡᠨ ᠥᠭᠡ ᠶᠢᠨ ᠳᠠᠯᠢᠮ ᠬᠠᠪᠴᠢᠭᠤᠯᠤᠨ ᠭᠡᠯᠡᠭᠦ ᠪᠠᠷ ᠡᠪᠦᠭᠡᠨ 《ᠦᠭ‍ᠭᠦᠨ᠎ᠡ᠂ ᠦᠭ‍ᠭᠦᠨ᠎ᠡ》 ᠭᠡᠵᠤ ᠳᠠᠪᠳᠠᠨ ᠳᠠᠪᠳᠠᠨ ᠭᠡᠯᠡᠨ᠎ᠡ᠂ ᠰᠠᠨᠠᠭᠠᠨ ᠳᠤ ᠦᠭᠡᠶ ᠪᠠᠷ ᠨᠠᠭᠠᠳᠤᠮ ᠪᠣᠯᠭᠠᠵᠤ ᠭᠡᠯᠡᠭᠰᠡᠨ ᠥᠭᠡ ᠶᠢ ᠦᠨᠡᠨ ᠳᠤ ᠠᠪᠣᠭᠰᠠᠨ ᠳᠤ ᠨᠢ ᠪᠢ ᠡᠪᠭᠦᠢᠷᠡᠭᠡᠳ᠄

     ᠊᠊᠊᠊᠊᠊᠊᠊᠊᠊᠊᠊᠊᠊᠊ ᠢᠨᠢᠶᠠᠳᠤᠮ ᠤᠨ ᠥᠭᠡ ᠶᠢ ᠡᠪᠦᠭᠡᠨ ᠠᠪᠣ ᠳᠠ ᠢᠯᠡᠭᠦᠤ ᠪᠣᠳᠤᠴᠢᠬᠠᠪᠠ ᠦᠦ︖ ᠭᠡᠵᠤ ᠳᠠᠢ᠌ᠯᠪᠣᠷᠢᠯᠠᠨ ᠭᠡᠯᠡᠭ᠍ᠰᠡᠨ ᠶᠢᠡᠨ ᠄

     ᠊᠊᠊᠊᠊᠊᠊᠊᠊᠊᠊᠊᠊᠊᠊ ᠳᠡᠭᠡᠭᠡᠳ ᠡᠨᠡ ᠣᠳᠠᠭ᠎ᠠ ᠭᠡᠳᠦᠢ ᠵᠤᠭᠤᠰ ᠭᠠᠷᠭᠠᠵᠤ ᠠᠪᠣᠨ᠎ᠠ︖ ᠭᠡᠵᠤ ᠥᠭᠡ ᠶᠢ ᠰᠢᠯᠵᠢᠭᠦᠯᠵᠤ ᠠᠰᠠᠭᠤᠯ᠎ᠠ᠃

     ᠊᠊᠊᠊᠊᠊᠊᠊᠊᠊᠊᠊᠊᠊᠊ ᠳᠠᠪᠳᠠᠷ ᠳᠠᠭᠢ ᠶᠢ ᠪᠦᠭᠦᠳᠡ ᠶᠢ ᠭᠠᠷᠭᠠᠶ᠎ᠠ᠃

     ᠊᠊᠊᠊᠊᠊᠊᠊᠊᠊᠊᠊᠊᠊᠊ ᠪᠦᠷ ᠢ ᠭᠠᠷᠭᠠᠭᠠᠤᠨ ᠶᠡᠭᠡ ᠵᠠᠷᠤᠳᠠᠯ ᠲᠡᠶ ᠦᠦ︖

     ᠊᠊᠊᠊᠊᠊᠊᠊᠊᠊᠊᠊᠊᠊᠊ ᠳᠠᠢ᠌ᠮᠤ ᠡ᠂ ᠵᠠᠷᠤᠬᠤ ᠴᠢᠬᠤᠯᠠ ᠲᠡᠶ ᠪᠣᠯᠤᠭᠠᠤᠨ ᠪᠠᠢ᠌ᠨ᠎ᠠ ᠭᠡᠵᠤ ᠲᠦᠪ ᠴᠢᠷᠠᠢ᠌ᠯᠠᠭᠰᠠᠨ ᠭᠡᠯᠡᠨ᠎ᠡ᠃

    ᠡᠪᠦᠭᠡᠨ ᠤ ᠭᠠᠷ ᠡᠴᠠ ᠬᠠᠳᠠᠭᠠᠯᠠᠮᠵᠢ ᠶᠢ ᠠᠪᠣᠭᠠᠤᠨ ᠰᠡᠭᠦᠭᠡᠨ ᠦᠵᠡᠪᠠᠯ ᠣᠷᠵᠢᠳᠤᠷ ᠰᠠ‍‌ᠶᠢ ᠭᠤᠷᠪᠠᠨ ᠵᠠᠭᠤ ᠭᠠᠷᠭᠠᠵᠤ ᠠᠪᠣᠭᠰᠠᠨ ᠳᠡᠮᠳᠡᠭᠯᠡᠯ ᠲᠡᠶ ᠪᠠᠢ᠌ᠬᠤ ᠶᠢ ᠪᠢ ᠣᠯᠵᠤ ᠬᠠᠷᠠᠯ᠎ᠠ᠃

     ᠊᠊᠊᠊᠊᠊᠊᠊᠊᠊᠊᠊᠊᠊᠊ ᠣᠷᠵᠢᠳᠤᠷ ᠳᠡᠭᠡᠭᠡᠳ ᠵᠤᠭᠤᠰ ᠶᠢᠡᠨ ᠦᠪᠡᠷ ᠶᠢᠡᠨ ᠭᠠᠷᠭᠠᠵᠤ ᠠᠪᠣᠪᠠ ᠦᠦ︖ ᠭᠡᠭᠦ ᠳᠤ᠄

     ᠊᠊᠊᠊᠊᠊᠊᠊᠊᠊᠊᠊᠊᠊᠊ ᠦᠪᠡᠷ ᠶᠢᠡᠨ ᠴᠢᠳᠠᠬᠤ ᠦᠭᠡᠶ ᠰᠢᠤ ᠪᠣᠰᠤᠳ ᠢ ᠭᠤᠶᠤᠵᠤ ᠠᠪᠣᠭᠤᠯᠤᠭᠰᠠᠨ ᠰᠢᠤ ᠭᠡᠵᠤ ᠭᠡᠯᠡᠭᠡᠳ ᠬᠤᠳᠠᠯ ᠶᠢᠡᠨ ᠮᠡᠳᠡᠭ᠍ᠳᠡᠭ᠍ᠰᠡᠨ ᠬᠡᠦᠬᠡᠳ ᠰᠢᠭ᠌ ᠠᠷᠭ᠎ᠠ ᠦᠭᠡᠶ ᠨᠢᠭᠡ ᠢᠨᠢᠶᠡᠴᠢᠭᠡᠪᠡ᠃

    ᠡᠪᠦᠭᠡᠨ ᠤ ᠡᠴᠡᠩᠭᠡᠷ ᠬᠠᠷ᠎ᠠ ᠴᠢᠷᠠᠢ ᠳᠤ ᠶᠠᠮᠠᠷ ᠨᠢᠭᠡᠨ ᠭᠡᠨᠡᠨ ᠴᠠᠭᠠᠪᠣᠷ ᠬᠡᠦᠬᠡᠳ ᠭᠦᠮᠤᠨ ᠤ ᠭᠦᠭᠡᠷᠦᠭᠡᠨ ᠳᠦᠷᠢ ᠳᠤᠳᠤᠷᠠᠭᠠᠤᠨ ᠢᠷᠡᠭᠦ ᠪᠠᠷ ᠨᠢ ᠨᠠᠮ᠎ᠠ ᠶᠢ 《ᠡᠨᠡ ᠡᠪᠦᠭᠡᠨ ᠭᠡᠵᠤ ᠱᠤᠭ ᠤᠨ ᠡᠪᠦᠭᠡᠨ ᠡ》 ᠭᠡᠵᠤ ᠦᠪᠡᠷ ᠤᠨ ᠡᠷᠭᠡ ᠦᠭᠡᠶ ᠪᠣᠳᠤᠭᠳᠠᠭᠤᠯᠵᠠᠢ᠃

    ᠪᠢ ᠳᠠᠮᠠᠢ ᠢᠯᠡᠭᠦᠴᠡ ᠠᠰᠠᠭᠤᠬᠤ ᠪᠠᠨ ᠪᠣᠯᠢᠵᠤ ᠬᠠᠳᠠᠭᠠᠯᠠᠮᠵᠢ ᠳᠤ ᠨᠢ ᠨᠢᠭᠡ ᠳᠦᠭᠦᠷᠢᠭ᠌ ᠳᠠᠪᠳᠠᠷ ᠡᠵᠡᠯᠡᠭᠦᠯᠭᠦ ᠵᠤᠭᠤᠰ ᠥᠯᠡᠳᠡᠭᠡᠵᠤ ᠦᠭ‍ᠭᠦᠭᠡᠳ ᠪᠣᠰᠤᠳ ᠶ‍ᠢᠰᠤᠨ ᠵᠠᠭᠤ ᠭᠠᠷᠤᠢ ᠳᠦᠭᠦᠷᠢᠭ᠌ ᠢ ᠨᠢ ᠳᠤᠭ᠎ᠠ ᠶᠤᠰᠤᠭᠠᠷ ᠨᠢ ᠭᠠᠷᠭᠠᠭᠠᠤᠨ ᠡᠪᠦᠭᠡᠨ ᠳᠤ ᠭᠠᠷᠳᠠᠭᠤᠯᠤᠯ᠎ᠠ᠃

     ᠊᠊᠊᠊᠊᠊᠊᠊᠊᠊᠊᠊᠊᠊᠊ ᠰᠠᠢ᠌ᠨ ᠪᠣᠯᠤᠯ᠎ᠠ᠂ ᠳᠡᠭᠡᠭᠡᠳ ᠬᠡᠦᠬᠡᠳ ᠡ᠂ ᠦᠳᠡ ᠶᠢᠨ ᠬᠤᠭᠤᠯᠠᠨ ᠤ ᠴᠠᠭ ᠪᠣᠯᠤᠮᠠᠷ ᠪᠠᠢ᠌ᠨ᠎ᠠ᠂ ᠬᠤᠶᠠᠭᠤᠯᠠ ᠬᠤᠭᠤᠯᠠᠨ ᠭᠡᠷ ᠲᠤ ᠣᠴᠢᠭᠠᠤᠨ ᠬᠠᠮᠳᠤ ᠬᠤᠭᠤᠯᠠᠯᠯᠠᠶ᠎ᠠ ᠭᠡᠵᠤ ᠲᠦᠪ ᠣᠪᠣᠷᠯᠠᠨ ᠨᠠᠳᠠ ᠵᠥᠭ᠌ ᠬᠠᠠᠳᠤᠵᠤ ᠭᠡᠯᠡᠭ᠍ᠰᠡᠨ ᠶᠢᠡᠨ᠄

     ᠊᠊᠊᠊᠊᠊᠊᠊᠊᠊᠊᠊᠊᠊᠊ ᠪᠢᠳᠠ ᠬᠤᠶᠠᠭᠤᠯᠠ ᠵᠠᠪᠠᠯ ᠨᠢᠭᠡ ᠬᠠᠮᠳᠤ ᠰᠠᠭᠤᠵᠤ ᠬᠤᠭᠤᠯᠠᠯᠠᠬᠤ ᠴᠢᠬᠤᠯᠠ ᠲᠡᠶ ᠰᠢᠤ᠂ ᠣᠴᠢᠷ ᠨᠢ ᠪᠢ ᠴᠢᠮ᠎ᠠ ᠡᠴᠠ ᠥᠭᠡᠷ᠎ᠡ ᠪᠠᠰᠠ ᠨᠢᠭᠡ ᠣᠴᠢᠷ ᠢ ᠭᠤᠶᠤᠯᠳᠠᠢ ᠪᠠᠢ᠌ᠨ᠎ᠠ ᠭᠡᠵᠤ ᠵᠠᠪᠳᠤᠨ ᠨᠥᠭᠦᠪᠦᠷᠢᠯᠡᠨ᠎ᠡ᠃

     ᠊᠊᠊᠊᠊᠊᠊᠊᠊᠊᠊᠊᠊᠊᠊ ᠥᠭᠡᠷ᠎ᠡ ᠶᠠᠮᠠᠷ ᠣᠴᠢᠷ ᠪᠣᠯᠴᠢᠬᠠᠪᠠ︖

     ᠊᠊᠊᠊᠊᠊᠊᠊᠊᠊᠊᠊᠊᠊᠊ ᠬᠤᠭᠤᠯᠠᠨ ᠭᠡᠷ ᠲᠤ ᠭᠦᠷᠦᠭᠡᠳ ᠭᠡᠯᠡᠶ᠎ᠡ᠂ ᠣᠳᠤ ᠥᠯᠦᠰᠦᠭᠡᠳ ᠳᠡᠰᠭᠦ ᠪᠠᠨ ᠪᠣᠯᠢᠭᠰᠠᠨ ᠰᠢᠤ ᠶᠠᠪᠣᠶ᠎ᠠ ᠭᠡᠭᠦ ᠶᠤᠮ᠃

    ᠭᠡᠳᠦᠷᠭᠡᠢ ᠭᠢᠯᠠᠢ᠌ᠵᠤ ᠳᠤᠸᠠᠯᠠᠭᠰᠠᠨ ᠭᠤᠸᠠᠠᠵᠠᠨ ᠳᠤ ᠣᠷᠤᠭ᠎ᠠ ᠦᠭᠡᠶ ᠴᠤ ᠠᠷᠠᠢ ᠳᠠᠳᠤᠢ ᠶᠡᠷᠦᠮᠳᠡᠭ᠌ ᠲᠤ ᠪᠠᠨ ᠪᠠᠭᠳᠠᠬᠤ ᠦᠭᠡᠶ ᠨᠢᠭᠡ ᠬᠤᠭᠤᠯᠠᠨ ᠭᠡᠷ ᠲᠤ ᠭᠡᠳᠤᠨ ᠵᠠᠭᠤᠰᠢ ᠳᠠᠭᠤᠳᠠᠭᠠᠤᠨ ᠡᠪᠦᠭᠡᠨ ᠲᠡᠶ ᠰᠢᠷᠡᠭᠡ ᠬᠠᠪᠴᠢᠨ ᠵᠤᠭᠤᠭᠳᠠᠵᠤ ᠡᠭᠢᠯᠡᠭᠦᠯᠦᠯ᠎ᠡ᠃

    ᠡᠪᠦᠭᠡᠨ ᠳᠤ ᠨᠢᠭᠡ ᠭᠦᠤ ᠲᠡᠶ ᠶᠤᠮ ᠭᠡᠨ᠎ᠡ᠂ ᠳᠠᠷᠠ ᠨᠢ ᠣᠳᠤ ᠭᠢᠠᠳᠠᠨ ᠳᠤ ᠰᠠᠭᠤᠵᠤ ᠵᠢᠷᠭᠤᠭᠠᠨ ᠵᠢᠯ ᠤᠨ ᠳᠠᠷᠠᠭ᠎ᠠ ᠰᠠ‍‌ᠶᠢ ᠰᠤᠯᠠᠯᠠᠭᠳᠠᠬᠤ ᠶᠤᠮ ᠭᠡᠨ᠎ᠡ᠃ ᠳᠠᠷᠠ ᠦᠪᠡᠷ ᠶᠢᠡᠨ ᠣᠯᠠᠭᠠᠨ ᠪᠠᠯᠭᠠᠰᠤᠨ ᠤ ᠠᠮᠤ ᠪᠣᠳᠠᠭᠠᠨ ᠤ ᠭᠦᠮᠦᠷᠭᠡ ᠡᠴᠠ ᠠᠮᠠᠷᠠᠯᠳᠠ ᠪᠠᠨ ᠠᠪᠣᠭᠠᠤᠨ ᠵᠢᠯ ᠰᠢᠬᠠᠮᠬᠠᠨ ᠪᠣᠯᠵᠤ ᠪᠠᠢ᠌ᠬᠤ ᠪᠠ ᠶᠠᠭ ᠠᠮᠠᠷᠠᠭᠰᠠᠨ ᠳᠠᠷᠠ ᠭᠡᠳᠤᠨ ᠡᠳᠦᠷ ᠤᠨ ᠳᠠᠷᠠᠭ᠎ᠠ ᠡᠭᠡᠨᠡᠷ ᠨᠢ ᠴᠤ ᠠᠮᠠᠷᠠᠯᠳᠠ ᠪᠠᠨ ᠠᠪᠴᠤ ᠳ᠋ᠸᠪᠠᠵᠠᠨ ᠳᠤ ᠪᠠᠨ ᠬᠠᠯᠢᠭᠰᠠᠨ ᠭᠡᠨ᠎ᠡ᠃ ᠣᠳᠤ ᠡᠪᠦᠭᠡᠨ ᠳᠤ ᠬᠠᠨᠢ ᠳᠦᠰᠢᠭ᠌ ᠪᠣᠯᠤᠮᠠᠷ ᠭᠦᠮᠤᠨ ᠨᠢᠭᠡ ᠴᠤ ᠦᠭᠡᠶ ᠪᠣᠯᠤᠭᠰᠠᠨ ᠳᠤ ᠪᠠᠨ ᠲᠤᠢ᠌ᠯ ᠶᠢᠡᠷ ᠣᠢ᠌ᠳᠴᠤ ᠣᠶᠠᠷᠠᠵᠤ ᠪᠠᠢ᠌ᠬᠤ ᠪᠠᠨ ᠢᠯᠡᠷᠭᠡᠢ᠌ᠯᠡᠵᠤ ᠨᠠᠳᠠ ᠡᠴᠠ ᠨᠢᠭᠡᠨ ᠶᠠᠪᠣᠳᠠᠯ ᠭᠤᠶᠤᠯᠳᠠᠢ ᠪᠠᠢ᠌ᠨ᠎ᠠ ᠭᠡᠵᠤ ᠦᠷᠦᠪᠳᠦᠩᠭᠦᠢ ᠭᠡᠯᠡᠨ᠎ᠡ᠃

    ᠡᠪᠦᠭᠡᠨ ᠤ ᠭᠤᠨᠢᠷᠬᠠᠯᠳᠠᠢ ᠳᠦᠷᠢ᠂ ᠣᠶᠠᠷᠠᠯᠳᠠᠢ ᠣᠴᠠᠷᠠᠯ ᠳᠤ ᠨᠢ ᠰᠡᠳᠭᠢᠯ ᠵᠥᠭᠡᠯᠡᠷᠡᠭ᠍ᠰᠡᠨ ᠮᠢᠨᠤ ᠭᠡᠨᠡᠨ ᠣᠶᠠᠷᠠᠭᠤᠨ ᠳᠠᠯᠳᠠ ᠶᠢᠨ ᠰᠠᠢ᠌ᠬᠠᠨ ᠴᠢᠨᠠᠷ ᠭᠡᠨᠡᠳᠲᠡ ᠢᠷᠠᠭᠳᠠᠨ ᠨᠡᠭᠡᠭᠡᠭ᠍ᠳᠡᠭᠡᠳ ᠡᠪᠦᠭᠡᠨ ᠠᠪᠣ ᠶᠢᠨ ᠶᠠᠮᠠᠷ ᠭᠤᠶᠤᠳᠠᠯ ᠢ ᠴᠤ ᠪᠦᠷ ᠭᠦᠯᠢᠶᠡᠵᠤ ᠠᠪᠬᠤ ᠪᠠᠷ ᠠᠮᠠ ᠠᠯᠳᠠᠨ ᠵᠦᠪᠰᠢᠶᠠᠷᠠᠪᠠ᠃

    ᠲ᠋ᠡᠭᠡᠪᠠᠴᠤ ᠡᠪᠦᠭᠡᠨ ᠭᠡᠵᠤ ᠬᠠᠰᠢᠯᠠ ᠬᠠᠰᠢᠷ ᠰᠠᠭᠤᠭᠰᠠᠨ ᠡᠪᠦᠭᠡᠨ ᠶᠤᠮ ᠪᠠᠢ᠌ᠨ᠎ᠠ᠂ ᠬᠠᠷᠠᠬᠤ ᠬᠤᠶᠠᠷ ᠨᠢᠳᠤᠨ ᠡᠴᠠ ᠨᠢ ᠶᠠᠮᠠᠷ ᠶᠡᠭᠡ ᠭᠦᠭ᠍ᠰᠡᠵᠤ ᠳᠤᠭᠳᠤᠯᠤᠭᠰᠠᠨ ᠳᠦᠷᠢ ᠢᠯᠡᠷᠡᠭᠡ ᠦᠭᠡᠶ ᠮᠦᠷᠳᠡᠭᠡᠨ ᠨᠠᠮ᠎ᠠ ᠶᠢ ᠳᠠᠮᠠᠢ ᠯᠠ ᠢᠳᠡᠭᠡᠭ᠍ᠰᠡᠨ ᠦᠭᠡᠶ ᠶᠤᠮ ᠰᠢᠭ᠌ ᠣᠳᠠᠳᠠᠯ᠎ᠠ ᠰᠢᠷᠳᠡᠭ᠍ᠰᠡᠨ ᠶᠢᠡᠨ ᠵᠢᠭᠠᠬᠠᠨ ᠢᠨᠢᠶᠡᠭᠦ ᠳᠦᠷᠢᠯᠡᠭᠡᠳ᠄

     ᠊᠊᠊᠊᠊᠊᠊᠊᠊᠊᠊᠊᠊᠊᠊ ᠮᠢᠨᠤ ᠭᠤᠶᠤᠳᠠᠯ ᠴᠢᠨᠤ ᠰᠠᠨᠠᠭᠠᠨ ᠳᠤ ᠣᠷᠤᠮ᠎ᠠ ᠦᠭᠡᠶ ᠰᠢᠤ᠂ ᠭᠡᠦᠭᠡ ᠡ᠂ ᠪᠢ ᠣᠳᠤ ᠳᠤ ᠪᠠᠨ ᠶᠤᠰᠤᠳᠠᠢ ᠰᠡᠭᠦᠳᠡᠷ ᠡᠴᠠ ᠪᠠᠨ ᠣᠠᠳᠤᠤ ᠬᠠᠨᠢ ᠦᠭᠡᠶ ᠪᠣᠯᠤᠭᠰᠠᠨ ᠭᠦᠮᠤᠨ᠂ ᠭᠠᠵᠠᠷ ᠳᠡᠭᠡᠷᠡᠭᠢ ᠭᠠᠭᠴᠠ ᠭᠦᠤ ᠮᠢᠨᠢ ᠣᠳᠤ ᠭᠢᠠᠳᠠᠨ ᠤ ᠳᠠᠷᠤᠭᠳᠠᠯ ᠪᠣᠯᠤᠭᠰᠠᠨ ᠳᠤᠯᠠ ᠪᠠᠢ᠌ᠭᠰᠠᠨ ᠪᠠᠢ᠌ᠬᠤ ᠦᠭᠡᠶ ᠥᠭᠡᠷ᠎ᠡ ᠦᠭᠡᠶ᠂ ᠡᠢ᠌ᠮᠤ ᠡᠴᠠ ᠪᠢ ᠴᠢᠮ᠎ᠠ ᠡᠴᠠ ᠨᠢᠭᠡᠨ ᠭᠡᠴᠡᠭᠦᠤ ᠣᠴᠢᠷ ᠭᠤᠶᠤᠮᠠᠷ ᠪᠠᠢ᠌ᠨ᠎ᠠ ᠭᠡᠵᠤ ᠬᠤᠶᠠᠷ ᠨᠢᠳᠤ ᠶᠢ ᠰᠠᠯᠭᠠᠯ ᠦᠭᠡᠶ ᠰᠢᠷᠳᠠᠨ᠎ᠡ᠃

    ᠲ᠋ᠡᠭᠦᠨ ᠤ ᠨᠢᠳᠤᠨ ᠡᠴᠠ ᠪᠢ ᠭᠡᠳᠦᠢ ᠬᠠᠯᠢᠷᠠᠬᠤ ᠪᠣᠯᠪᠠᠴᠤ ᠬᠠᠮᠢᠶ᠎ᠠ ᠦᠭᠡᠶ ᠭᠡᠯᠡᠵᠤ ᠦᠵᠡ ᠭᠡᠵᠤ ᠭᠡᠯᠡᠭᠦ ᠳᠤ ᠪᠠᠨ ᠪᠠᠶ᠎ᠠ ᠳᠤ ᠪᠠᠨ ᠶᠡᠭᠡ ᠯᠠ ᠢᠳᠡᠭᠡᠯᠳᠡᠢ ᠳᠦᠷᠢᠯᠠᠪᠠ᠃

     ᠊᠊᠊᠊᠊᠊᠊᠊᠊᠊᠊᠊᠊᠊᠊ ᠭᠦᠤ ᠦᠭᠡᠶ ᠭᠦᠮᠤᠨ ᠭᠦᠡᠳᠡᠢ ᠳᠡᠭᠡᠷ᠎ᠡ ᠭᠡᠪᠳᠡᠨ᠎ᠡ ᠰᠢᠤ᠂ ᠡᠢ᠌ᠮᠤ ᠡᠴᠠ ᠪᠢ ᠴᠢᠮ᠎ᠠ ᠶᠢ ᠭᠦᠤ ᠪᠠᠨ ᠪᠣᠯᠭᠠᠬᠤ ᠰᠠᠨᠠᠭᠠᠳᠠᠢ ᠭᠤᠶᠤᠵᠤ ᠪᠠᠢ᠌ᠨ᠎ᠠ᠂ ᠴᠢ᠂ ᠬᠡᠦᠬᠡᠳ ᠴᠢ ᠮᠢᠨᠤ ᠭᠤᠶᠤᠳᠠᠯ ᠢ ᠵᠦᠪᠰᠢᠶᠠᠷᠠᠨ᠎ᠡ ᠦᠦ︖ ᠭᠡᠵᠤ ᠣᠳᠠᠭᠠᠨ ᠶᠠᠷᠢᠵᠤ ᠨᠠᠮᠤᠬᠠᠨ ᠭᠤᠶᠤᠨ᠎ᠠ᠃

    ᠡᠨᠡ ᠨᠢ ᠥᠨᠡᠭᠡᠷ ᠮᠢᠨᠤ ᠰᠠᠨᠠᠭᠠᠨ ᠡᠴᠠ ᠭᠠᠳᠠᠭᠤᠷ ᠪᠣᠳᠤᠯᠭᠠᠨ ᠡᠴᠠ ᠬᠤᠯᠠᠭᠤᠷ ᠪᠣᠯᠤᠭᠰᠠᠨ ᠶᠠᠪᠣᠳᠠᠯ ᠪᠠᠢ᠌ᠭᠰᠠᠨ ᠳᠤᠯᠠ ᠰᠤᠴᠢᠯ ᠭᠠᠢ᠌ᠬᠠᠯ ᠡᠴᠠ ᠥᠭᠡᠷ᠎ᠡ ᠶᠠᠮᠠᠷ ᠴᠤ ᠬᠠᠷᠢᠭᠤ ᠭᠢᠵᠤ ᠴᠢᠳᠠᠭᠰᠠᠨ ᠦᠭᠡᠶ ᠭᠡᠰᠡᠭ᠌ ᠮᠠᠯᠠᠷᠠᠪᠠ᠃

     ᠊᠊᠊᠊᠊᠊᠊᠊᠊᠊᠊᠊᠊᠊᠊ ᠡ ᠁ ᠨᠤᠭᠤᠭ᠎ᠠ ᠵᠤᠭᠤᠰᠢ ᠡᠴᠠ ᠨᠢ ᠰᠠᠪᠬᠠᠯᠠ ᠭᠡᠵᠤ ᠭᠡᠨᠡᠳᠲᠡ ᠶᠢᠨ ᠣᠨᠢᠰᠤᠭ᠎ᠠ ᠭᠡᠮᠡᠷᠭᠡᠨ ᠭᠤᠶᠤᠴᠢᠯᠠᠯ ᠢ ᠨᠢ ᠭᠦᠯᠢᠶᠡᠵᠤ ᠴᠤ ᠴᠢᠳᠠᠬᠤ ᠦᠭᠡᠶ ᠭᠦᠰᠡᠷᠳᠡᠭᠦᠯᠵᠤ ᠴᠤ ᠳᠡᠢ᠌ᠯᠭᠦ ᠦᠭᠡᠶ ᠪᠣᠯᠬᠤ ᠳᠤ ᠪᠠᠨ ᠠᠷᠭ᠎ᠠ ᠪᠠᠷᠠᠵᠤ ᠥᠭᠡ ᠶᠢᠨ ᠰᠠᠳᠤᠪ ᠢ ᠥᠭᠡᠷ᠎ᠡ ᠪᠣᠯᠭᠠᠬᠤ ᠶᠢ ᠣᠷᠤᠯᠳᠤᠪᠠ᠃

    ᠡᠪᠦᠭᠡᠨ ᠶᠠᠭᠤ ᠴᠤ ᠳᠤᠤᠭᠠᠷᠬᠤ ᠪᠠᠨ ᠪᠣᠯᠢᠵᠤ ᠨᠠᠮ᠎ᠠ ᠶᠢ ᠰᠢᠷᠳᠡᠭ᠍ᠰᠡᠭᠡᠷ ᠯᠠ ᠪᠠᠢ᠌ᠨ᠎ᠠ᠃ ᠳᠡᠭᠦᠨ ᠤ ᠨᠢᠳᠤᠨ ᠡᠴᠠ ᠶᠠᠮᠠᠷ ᠨᠢᠭᠡᠨ ᠵᠡᠭᠦᠤ ᠰᠢᠪᠦᠭᠡ ᠴᠤ ᠶᠤᠮ ᠦᠦ︖ ᠡᠰᠡᠭᠦᠯ᠎ᠡ ᠶᠠᠮᠠᠷ ᠨᠢᠭᠡᠨ ᠬᠤᠷᠴᠠ ᠭᠡᠷᠡᠯ ᠰᠠᠴᠤᠷᠠᠭᠤᠯᠬᠤ ᠴᠤ ᠶᠤᠮ ᠰᠢᠭ ᠪᠠᠢ᠌ᠵᠤ ᠠᠷᠭ᠎ᠠ ᠠᠭᠠᠰᠢ ᠶᠢ ᠠᠯᠳᠠᠷᠠᠭᠤᠯᠤᠨ ᠢᠨᠢᠶᠠᠵᠤ ᠴᠤ ᠴᠢᠳᠠᠬᠤ ᠦᠭᠡᠶ ᠣᠭᠢᠯᠠᠵᠤ ᠴᠤ ᠪᠣᠯᠬᠤ ᠦᠭᠡᠶ ᠪᠣᠯᠭᠠᠪᠠ᠃ ᠴᠢ ᠪᠣᠳᠤᠵᠤ ᠦᠵᠡ᠂ ᠭᠡᠷᠪᠡ ᠨᠢᠭᠡ ᠭᠦᠮᠤᠨ ᠴᠢᠮ᠎ᠠ ᠶᠢ ᠨᠢᠳᠤ ᠰᠠᠯᠭᠠᠯ ᠦᠭᠡᠶ ᠬᠠᠷᠠᠭᠠᠤᠨ ᠪᠠᠢ᠌ᠪᠠᠯ ᠴᠢ ᠴᠤᠬᠤᠮ ᠶᠠᠭᠠᠭᠢᠳᠠᠭ ᠪᠣᠢ︖ ᠨᠠᠩ ᠣᠠᠴᠠᠭᠠᠢ᠌ᠯᠠᠨ ᠨᠠᠳᠠ ᠰᠢᠭ ᠨᠢᠭᠤᠷ ᠤᠨ ᠠᠷᠠᠰᠤ ᠴᠠᠭᠠᠰᠤ ᠰᠢᠭ ᠨᠢᠮᠭᠡᠨ᠂ ᠰᠡᠳᠭᠢᠯ ᠢᠨᠤ ᠴᠠᠰᠤ ᠮᠠᠳᠤ ᠴᠠᠭᠠᠨ ᠭᠦᠮᠤᠨ ᠳᠤ ᠠᠪᠴᠤ ᠭᠡᠯᠡᠪᠠᠯ ᠳᠤᠩ ᠭᠡᠴᠡᠭᠦᠤ ᠰᠢᠯᠭᠠᠯᠳᠠ ᠰᠢᠤ᠃

    ᠲ᠋ᠠᠷᠠ ᠭᠦᠳᠡᠯᠦᠯ ᠦᠭᠡᠶ᠂ ᠳᠤᠤᠭᠠᠷᠤᠯ ᠦᠭᠡᠶ ᠪᠠᠷ ᠨᠠᠳᠠ ᠶᠢ ᠰᠢᠷᠳᠡᠭ᠍ᠰᠡᠭᠡᠷ ᠯᠠ ᠪᠠᠢ᠌ᠨ᠎ᠠ᠂ ᠪᠢ ᠠᠷᠭ᠎ᠠ ᠪᠠᠷᠠᠵᠤ ᠪᠠᠢ᠌ᠨ᠎ᠠ᠂ ᠥᠨᠡᠭᠡᠷ ᠠᠷᠭ᠎ᠠ ᠪᠠᠷᠠᠵᠤ ᠪᠠᠢ᠌ᠨ᠎ᠠ ᠰᠢᠤ ᠮᠠᠳᠠᠪᠠᠤ︖

     ᠊᠊᠊᠊᠊᠊᠊᠊᠊᠊᠊᠊᠊᠊᠊ ᠠᠪᠣ ᠳᠠ ᠪᠢᠳᠠᠭᠢ ᠢᠩᠭᠢᠵᠤ ᠨᠠᠳᠠ ᠶᠢ ᠬᠠᠷᠠᠭᠠᠤᠨ ᠪᠠᠢ᠂ ᠳᠠᠨ ᠤ ᠡᠨᠡ ᠭᠦᠰᠡᠯ ᠢ ᠴᠢᠨᠢ ᠮᠦᠨ ᠳᠠᠷᠤᠢ ᠶᠠᠭᠠᠭᠢᠵᠤ ᠵᠦᠪᠰᠢᠶᠠᠷᠠᠵᠤ ᠴᠢᠳᠠᠬᠤ ᠪᠣᠢ᠂ ᠦᠨᠡᠨ ᠳᠤ ᠪᠠᠨ ᠪᠢᠳᠠ ᠬᠤᠶᠠᠭᠤᠯᠠ ᠨᠢᠭᠡ ᠨᠢᠭᠡ ᠪᠠᠨ ᠳᠠᠨᠢᠯᠴᠠᠭ᠎ᠠ ᠦᠭᠡᠶ ᠪᠠᠢ᠌ᠭᠰᠠᠭᠠᠷ ᠭᠡᠵᠤ ᠭᠡᠯᠡᠭᠦ ᠳᠤ ᠭᠡᠴᠡᠭᠦᠳᠡᠭᠦ ᠦᠭᠡᠶ᠂ ᠳᠠᠢ᠌ᠮᠤ ᠮᠦᠷᠳᠡᠭᠡᠨ ᠪᠢ ᠳᠠᠨ ᠤ ᠭᠦᠰᠡᠭ᠍ᠰᠡᠨ ᠰᠢᠭ᠌ ᠪᠣᠯᠤᠮᠠᠷ ᠭᠦᠤ ᠪᠢᠰᠢ ᠰᠢᠤ᠃

     ᠊᠊᠊᠊᠊᠊᠊᠊᠊᠊᠊᠊᠊᠊᠊ ᠴᠢ ᠪᠣᠯ ᠰᠠᠢ᠌ᠨ ᠭᠦᠤ ᠭᠡᠳᠡᠭ᠌ ᠢ ᠡᠮᠤᠨ᠎ᠡ ᠣᠳᠠᠭ᠎ᠠ ᠠᠭᠤᠯᠵᠠᠭᠠᠤᠨ ᠨᠢᠭᠡᠨᠲᠡ ᠭᠠᠳᠠᠷᠯᠠᠵᠠᠢ᠂ ᠮᠢᠨᠤ ᠡᠨᠡ ᠪᠣᠯ ᠦᠨᠡᠨ ᠰᠡᠳᠭᠢᠯ ᠤᠨ ᠭᠤᠶᠤᠴᠢᠯᠠᠯ ᠭᠡᠳᠡᠭ᠌ ᠢ ᠮᠠᠳᠠᠵᠤ ᠪᠠᠢ᠌ᠨ᠎ᠠ ᠦᠦ︖ ᠨᠠᠳᠠ ᠶᠠᠭᠤ ᠴᠤ ᠦᠭᠡᠶ ᠪᠣᠯᠤᠭᠰᠠᠨ᠂ ᠥᠭᠦᠭᠦ ᠡᠴᠠ ᠡᠮᠦᠨᠡᠭᠢ ᠬᠠᠮᠤᠭ ᠡᠴᠦᠰ ᠤᠨ ᠭᠦᠰᠡᠯ ᠪᠣᠯ ᠳᠠᠷᠤᠢ ᠡᠨᠡ ᠯᠠ ᠪᠠᠢ᠌ᠨ᠎ᠠ᠃

     ᠊᠊᠊᠊᠊᠊᠊᠊᠊᠊᠊᠊᠊᠊᠊ ᠶᠠᠮᠠᠷ ᠭᠡᠴᠡᠭᠦᠤ ᠥᠭᠡ ᠶᠠᠷᠢᠬᠤ ᠶᠤᠮ ᠪᠣᠢ︖ ᠳᠠ ᠶᠠᠮᠠᠷ ᠳᠡᠭᠡᠵᠤ ᠶᠡᠭᠡ ᠥᠳᠡᠯᠦᠭᠡ ᠦᠭᠡᠶ ᠰᠢᠤ︕

     ᠊᠊᠊᠊᠊᠊᠊᠊᠊᠊᠊᠊᠊᠊᠊ ᠳᠠᠢ᠌ᠮᠤ ᠡ᠂ ᠨᠠᠰᠤ ᠥᠳᠡᠯᠦᠭᠡ ᠦᠭᠡᠶ ᠴᠤ ᠪᠠᠶ᠎ᠠ ᠥᠳᠡᠯᠦᠭ᠍ᠰᠡᠨ᠂ ᠰᠡᠳᠭᠢᠯ ᠮᠢᠨᠢ ᠨᠠᠩ ᠵᠦᠳᠠᠷᠠᠵᠠᠢ᠂ ᠭᠡᠷᠪᠡ ᠴᠢ ᠮᠢᠨᠤ ᠭᠦᠤ ᠪᠣᠯᠤᠨ᠎ᠠ ᠭᠡᠵᠤ ᠳᠤᠯᠤᠭᠠᠢ ᠳᠤᠭᠢᠭᠰᠠᠭᠠᠷ ᠪᠢ ᠡᠨᠡ ᠨᠠᠰᠤᠨ ᠤ ᠬᠠᠮᠤᠭ ᠤᠨ ᠵᠤᠯ ᠵᠢᠷᠭᠠᠯ ᠲᠡᠶ ᠡᠪᠦᠭᠡᠨ ᠪᠣᠯᠵᠤ ᠮᠥᠩᠭᠡᠷᠡᠨ᠎ᠡ ᠰᠢᠤ ᠭᠡᠳ ᠮᠢᠨᠤ ᠭᠠᠷ ᠢ ᠳᠠᠪᠭᠢᠳᠠᠯ᠎ᠠ ᠠᠳᠬᠤᠴᠢᠬᠠᠪᠠ᠃

    ᠲ᠋ᠡᠷᠡᠭᠡᠨ ᠠᠭᠱᠠᠨ ᠳᠤ ᠪᠢ ᠴᠠᠭᠢᠯᠭᠠᠨ ᠳᠤ ᠴᠤᠭᠢᠭᠤᠯᠤᠭᠰᠠᠨ ᠶᠤᠮ ᠰᠢᠭ ᠪᠣᠯᠤᠭᠠᠤᠨ ᠭᠠᠷ ᠶᠢᠡᠨ ᠳᠠᠳᠠᠪᠭᠢᠨ ᠴᠢᠩᠭ᠋ᠠᠭᠠᠭᠰᠠᠨ ᠶᠢᠡᠨ ᠳᠠᠭᠢᠨ ᠰᠤᠯᠠᠷᠠᠭᠤᠯᠪᠠ᠃

    ᠭᠡᠨ ᠨᠢ ᠴᠤ ᠣᠳᠠᠳᠠᠯ᠎ᠠ ᠳᠤᠤᠭᠠᠷᠤᠭ᠎ᠠ ᠦᠭᠡᠶ᠂ ᠭᠡᠨ ᠨᠢ ᠴᠤ ᠣᠳᠠᠳᠠᠯ᠎ᠠ ᠭᠦᠳᠡᠯᠦᠭᠡ ᠦᠭᠡᠶ᠂ ᠬᠤᠶᠠᠷ ᠭᠠᠷ ᠨᠢ ᠮᠢᠨᠤ ᠭᠠᠷ ᠢ ᠴᠢᠩᠭ᠋ᠠᠬᠠᠨ ᠠᠳᠬᠤᠭᠰᠠᠭᠠᠷ᠂ ᠬᠤᠶᠠᠷ ᠨᠢᠳᠤ ᠨᠢ ᠮᠢᠨᠤ ᠴᠢᠷᠠᠢ ᠶᠢ ᠬᠠᠷᠠᠭᠰᠠᠭᠠᠷ᠃

    ᠣᠳᠠᠵᠤ ᠣᠳᠠᠭᠠᠤᠨ ᠡᠪᠦᠭᠡᠨ ᠤ ᠨᠠᠷᠢᠬᠠᠨ ᠪᠣᠯᠪᠠᠴᠤ ᠭᠡᠷᠡᠯ ᠨᠢ ᠪᠠᠭᠤᠷᠠᠭ᠎ᠠ ᠦᠭᠡᠶ ᠬᠤᠶᠠᠷ ᠨᠢᠳᠤᠨ ᠡᠴᠠ ᠭᠤᠮᠤᠳᠠᠯ ᠤᠨ ᠭᠢᠨᠢ ᠶᠤᠮ ᠦᠦ︖ ᠡᠰᠡᠭᠦᠯ᠎ᠡ ᠭᠦᠰᠡᠯ ᠭᠤᠷᠢᠳᠠᠯ ᠤᠨ ᠭᠢᠨᠢ ᠶᠤᠮ ᠦᠦ︖ ᠡᠰᠡᠭᠦᠯ᠎ᠡ ᠵᠤᠪᠠᠭᠤᠷᠢᠳᠤ ᠬᠤᠪᠢ ᠵᠠᠶᠠᠭᠠᠨ ᠳᠤ ᠪᠠᠨ ᠰᠢᠨᠠᠯᠤᠭᠰᠠᠨ ᠤ ᠭᠢᠨᠢ ᠶᠤᠮ ᠦᠦ︖ ᠪᠣᠤ ᠮᠠᠳᠠ᠂ ᠠᠰᠬᠠᠷᠠᠬᠤ ᠨᠢᠯᠪᠣᠰᠤ ᠨᠢ ᠡᠭᠡᠭᠡ ᠯᠠ ᠠᠰᠬ᠎ᠠ ᠬᠠᠳᠠᠨ ᠤ ᠬᠠᠯᠢᠯ ᠭᠦᠷᠭᠢᠷ᠎ᠡ ᠰᠢᠤᠬᠠᠨ ᠣᠷᠤᠰᠤᠨ ᠴᠢᠳᠬᠤᠯᠠᠨ ᠡᠭᠢᠯᠡᠯ᠎ᠡ᠃

    ᠪᠢ ᠮᠦᠨ ᠭᠦᠳᠡᠯᠦᠭ᠍ᠰᠡᠨ ᠦᠭᠡᠶ᠂ ᠳᠤᠤᠭᠠᠷᠤᠭᠰᠠᠨ ᠦᠭᠡᠶ᠃ ᠡᠨᠡ ᠦᠶ᠎ᠡ ᠳᠤ ᠶᠠᠭᠤ ᠭᠡᠯᠡᠵᠤ ᠴᠢᠳᠠᠬᠤ ᠪᠣᠢ︖ ᠴᠢ ᠦᠪᠡᠷ ᠢ ᠪᠠᠨ ᠮᠢᠨᠤ ᠣᠷᠤᠨ ᠳᠤ ᠳᠠᠯᠪᠢᠵᠤ ᠪᠠᠢ᠌ᠭᠠᠤᠨ ᠪᠣᠳᠤᠵᠤ ᠦᠵᠡ᠂ 《ᠪᠣᠯᠬᠤ ᠥᠭᠡᠢ》 ᠭᠡᠵᠤ ᠰᠢᠭᠤᠳ ᠭᠡᠯᠡᠪᠠᠯ ᠳᠠᠷᠠ ᠡᠪᠦᠭᠡᠨ ᠭᠤᠮᠤᠳᠠᠵᠤ ᠥᠭᠦᠨ᠎ᠡ ᠰᠢᠤ᠂ ᠭᠡᠪᠠᠴᠤ ᠪᠢ ᠶᠠᠮᠠᠷ ᠠᠪᠣ ᠪᠠᠷ ᠳᠤᠳᠠᠭᠰᠠᠨ ᠭᠦᠮᠤᠨ ᠪᠢᠰᠢ ᠪᠠᠢ᠌ᠳᠠᠯ᠎ᠠ ᠭᠡᠨᠡᠳᠲᠡ ᠪᠠᠷ ᠨᠢᠭᠡ ᠳᠠᠨᠢᠬᠤ ᠦᠭᠡᠶ ᠭᠦᠮᠤᠨ ᠠᠪᠣ ᠪᠣᠯᠬᠤ ᠪᠠᠷ ᠭᠤᠶᠤᠮᠠᠭᠴᠠ ᠵᠥᠪᠰᠢᠶᠡᠷᠡᠭᠦ ᠪᠣᠯᠤᠯᠴᠠᠭ᠎ᠠ ᠪᠠᠢ᠌ᠨ᠎ᠠ ᠦᠦ ᠳ᠋ᠠ︖ ᠳᠡᠭᠡᠳᠡᠯ᠎ᠡ ᠡᠳᠦᠷ ᠲᠤ ᠨᠢᠭᠡ ᠬᠤᠶᠠᠷᠬᠠᠨ ᠳᠠᠴᠢᠭᠢᠨᠠᠬᠤ ᠭᠠᠷ ᠣᠳᠠᠰᠤ ᠳᠠᠴᠢᠭᠢᠨᠠᠵᠤ ᠡᠨᠡᠭᠦ ᠳᠦᠪᠠᠭ᠍ᠳᠤ ᠠᠬᠤᠢ ᠶᠢ ᠰᠡᠷᠢᠭᠡᠪᠡ᠃

    ᠡᠭᠡᠨᠡᠷ ᠡᠴᠠ ᠢᠷᠡᠭᠦᠯᠦᠭ᠍ᠰᠡᠨ ᠣᠳᠠᠰᠤ ᠪᠠᠢ᠌ᠵᠠᠢ᠂ ᠦᠳᠡ ᠶᠢᠨ ᠬᠤᠭᠤᠯᠠ ᠪᠠᠨ ᠴᠢᠭᠢᠭᠦ ᠦᠭᠡᠶ ᠬᠠᠮᠢᠭ᠎ᠠ ᠨᠢ ᠵᠠᠯᠠᠷᠠᠴᠢᠬᠠᠪᠠ ᠭᠡᠭᠦ ᠶᠤᠮ᠃ ᠪᠢ ᠰᠤᠷᠭᠠᠭᠤᠯᠢ ᠶᠢᠨ ᠵᠠᠭᠢᠷᠤᠯ ᠲᠡᠶ ᠭᠡᠳᠦᠭᠦᠯᠡ ᠬᠤᠭᠤᠯᠠᠨ ᠭᠡᠷ ᠲᠤ ᠪᠠᠢ᠌ᠨ᠎ᠠ ᠭᠡᠵᠤ ᠬᠤᠳᠠᠯ ᠠᠢ᠌ᠯᠠᠳᠤᠭᠠᠤᠨ ᠣᠳᠠᠰᠤ ᠪᠠᠨ ᠳᠠᠰᠤᠯᠪᠠ᠃ ᠡᠷ᠎ᠡ ᠨᠥᠭᠦᠷ ᠨᠢ ᠳᠠᠷᠤᠭ᠎ᠠ ᠲᠡᠶ ᠪᠠᠨ ᠴᠤᠭ ᠬᠤᠭᠤᠯᠠ ᠢᠳᠠᠵᠤ ᠪᠠᠢ᠌ᠨ᠎ᠠ ᠭᠡᠪᠠᠯ ᠣᠯᠠᠩᠭᠢ ᠡᠮᠡᠭ᠍ᠳᠡᠢ᠌ᠴᠦᠳ ᠪᠦᠷ ᠳᠠᠭᠤᠨ ᠦᠭᠡᠶ ᠪᠣᠯᠴᠢᠬᠠᠳᠠᠭ ᠶᠤᠮ᠂ ᠡᠭᠦᠨ ᠤ ᠰᠢᠯᠳᠠᠭᠠᠨ ᠢ ᠴᠢᠮ᠎ᠠ ᠳᠤ ᠭᠡᠯᠡᠭᠦ ᠦᠭᠡᠶ ᠴᠤ ᠮᠡᠳᠡᠭᠦ ᠪᠢᠵᠠ︖

    ᠡᠪᠦᠭᠡᠨ ᠨᠢᠯᠪᠣᠰᠤ ᠪᠠᠨ ᠠᠷᠴᠢᠭᠰᠠᠭᠠᠷ᠄

     ᠊᠊᠊᠊᠊᠊᠊᠊᠊᠊᠊᠊᠊᠊᠊ ᠭᠡᠷ ᠡᠴᠠ ᠴᠢᠨᠢ ᠢᠷᠡᠭᠦᠯᠦᠭ᠍ᠰᠡᠨ ᠣᠳᠠᠰᠤ ᠦᠦ︖ ᠬᠠᠷᠠᠭᠠᠴᠢ ᠳ᠋ᠠ᠂ ᠪᠢ ᠴᠢᠨᠢ ᠵᠥᠪᠭᠡᠨ ᠦᠪᠡᠷ ᠤᠨ ᠬᠢ ᠪᠡᠨ ᠭᠡᠯᠡᠭᠡᠳ ᠴᠢᠨᠤ ᠳᠤᠬᠠᠢ ᠶᠠᠭᠤ ᠴᠤ ᠰᠤᠷᠠᠭᠯᠠᠭ᠎ᠠ ᠦᠭᠡᠶ ᠳᠡᠨᠡᠭ᠌ ᠳᠤᠯᠤᠭᠠᠢ᠂ ᠠᠳᠠᠭ ᠲᠤ ᠪᠠᠨ ᠬᠡᠦᠬᠡᠳ ᠤᠨ ᠨᠠᠷ᠎ᠠ ᠭᠡᠨ ᠭᠡᠳᠡᠭ᠌ ᠢ ᠴᠤ ᠮᠡᠳᠡᠭᠡᠳᠦᠢ᠂ ᠥᠨᠡᠭᠡᠷ ᠵᠥᠨᠦᠭ᠍ᠰᠢᠷᠡᠵᠡᠢ ᠭᠡᠵᠤ ᠳᠤᠯᠤᠭᠠᠢ ᠪᠠᠨ ᠰᠢᠭᠠᠨ᠎ᠠ᠃

     ᠊᠊᠊᠊᠊᠊᠊᠊᠊᠊᠊᠊᠊᠊᠊ ᠨᠠᠮ᠎ᠠ ᠶᠢ ᠬᠠᠷᠠ᠊᠊ᠢ᠋ᠷᠪᠢᠰ ᠭᠡᠳᠡᠭ᠌᠂ ᠰᠤᠷᠤᠭᠴᠢᠳ ᠨᠠᠳᠠ ᠵᠢᠮᠢᠯᠡᠭ᠍ᠳᠡᠭᠡᠳ ᠳᠠᠪᠠ ᠦᠭᠡᠶ ᠪᠣᠯᠬᠤ ᠳᠤ ᠪᠠᠨ ᠨᠠᠷ᠎ᠠ ᠶᠢ ᠣᠯᠠᠷᠢᠭᠤᠯᠵᠤ 《ᠬᠠᠷᠪᠢᠰ ᠪᠠᠭᠰᠢ》 ᠭᠡᠵᠤ ᠳᠠᠯᠳᠠᠭᠤᠷ ᠳᠠᠭᠤᠳᠠᠳᠠᠭ ᠶᠤᠮ ᠭᠡᠨ᠎ᠡ᠂ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ ᠭᠡᠵᠤ ᠢᠨᠢᠶᠠᠨ ᠭᠡᠯᠡᠭᠦ ᠳᠤ ᠡᠪᠦᠭᠡᠨ ᠵᠢᠭᠠᠬᠠᠨ ᠳᠠᠢ᠌ᠪᠣᠷᠠᠭᠰᠠᠨ ᠶᠠᠩᠵᠤ ᠭᠠᠷᠴᠤ᠄

     ᠊᠊᠊᠊᠊᠊᠊᠊᠊᠊᠊᠊᠊᠊᠊ ᠬᠡᠦᠬᠡᠳ ᠴᠢ ᠯᠠᠪᠳᠠᠢ ᠰᠠᠢ᠌ᠨ ᠪᠠᠭᠰᠢ ᠮᠦᠨ ᠭᠡᠵᠤ ᠪᠢ ᠢᠳᠡᠭᠡᠨ᠎ᠡ᠂ ᠰᠤᠷᠤᠭᠴᠢ ᠶᠢ ᠴᠢᠩᠭ᠎ᠠ ᠱᠠᠭᠠᠷᠳᠠᠬᠤ ᠨᠢ ᠳᠠᠭᠠᠷᠠᠨ᠎ᠠ 《ᠴᠢᠩᠭ᠎ᠠ ᠪᠠᠭᠰᠢ ᠡᠴᠠ ᠰᠠᠢ᠌ᠨ ᠱᠠᠪᠢ》 ᠭᠡᠭᠦ ᠪᠢᠰᠢᠤ︖ ᠭᠡᠰᠡᠨ ᠶᠢᠡᠨ᠄

     ᠊᠊᠊᠊᠊᠊᠊᠊᠊᠊᠊᠊᠊᠊᠊ ᠴᠢᠨᠤ ᠭᠠᠷ ᠣᠳᠠᠰᠤᠨ ᠨᠤᠮᠸᠷ ᠶᠢᠡᠨ ᠪᠢᠴᠢᠭᠡᠳ ᠠᠯᠢ ᠭᠡᠵᠤ ᠭᠡᠯᠡᠭᠦ ᠳᠤ ᠳᠠᠭᠤᠨ ᠥᠩᠭᠡ ᠨᠢ ᠮᠦᠨ ᠴᠡᠴᠡᠷᠭᠢᠯᠡᠭ᠍ᠰᠡᠨ ᠠᠶᠠᠰ ᠲᠡᠶ ᠰᠤᠨᠤᠰᠳᠠᠨ᠎ᠠ᠃

    ᠨᠠᠷ᠎ᠠ ᠨᠤᠮᠸᠷ ᠶᠢᠡᠨ ᠵᠢᠵᠢᠭ᠌ ᠴᠢᠭᠠᠰᠤᠨ᠎ᠠ ᠪᠢᠴᠢᠭᠡᠳ ᠦᠭ‍ᠭᠦ ᠳᠤ ᠡᠪᠦᠭᠡᠨ ᠳᠠᠷᠠ ᠴᠠᠭᠠᠰᠤᠨ ᠡᠴᠠ ᠶᠠᠮᠠᠷ ᠨᠢᠭᠡᠨ ᠳᠠᠢ᠌ᠯᠠᠵᠤ ᠴᠢᠳᠠᠭᠠᠳᠤᠢ ᠣᠨᠢᠰᠤᠭ᠎ᠠ ᠶᠢᠨ ᠬᠠᠷᠢᠭᠤ ᠶᠢ ᠡᠷᠢᠭᠡᠳ ᠭᠠᠷᠭᠠᠴᠢᠬᠠᠮᠠᠷ ᠣᠳᠠᠳᠠᠯ᠎ᠠ ᠱᠤᠬᠤᠭᠤᠷᠬᠠᠨ ᠬᠠᠷᠠᠭᠰᠠᠨ ᠶᠢᠡᠨ ᠳᠡᠭ᠍ᠰᠢᠭᠡᠨ ᠡᠪᠭᠡᠨ ᠴᠡᠭᠡᠵᠢᠨ ᠤ ᠳᠤᠳᠤᠷ ᠬᠠᠷᠮᠠᠨ ᠳᠤ ᠪᠠᠨ ᠭᠢᠵᠤ ᠭᠠᠳᠠᠨ᠎ᠠ ᠡᠴᠠ ᠨᠢ ᠳᠠᠭᠢᠨ ᠨᠢᠭᠡ ᠳᠠᠪᠰᠢᠵᠤ ᠦᠵᠡᠪᠠ᠃

    ᠡᠳᠦᠢ ᠣᠳᠠᠳᠠᠯ᠎ᠠ ᠡᠪᠦᠭᠡᠨ ᠤ ᠰᠠᠪᠬ᠎ᠠ ᠪᠠᠨ ᠨᠢᠭᠡ ᠴᠤ ᠭᠦᠳᠡᠯᠭᠡᠭᠡ ᠦᠭᠡᠶ ᠶᠢ ᠭᠡᠨᠡᠳᠲᠡ ᠰᠠᠷᠠᠵᠤ ᠮᠡᠳᠡᠭ᠍ᠰᠡᠨ ᠪᠠᠢ᠌ᠵᠤ᠄

     ᠊᠊᠊᠊᠊᠊᠊᠊᠊᠊᠊᠊᠊᠊᠊ ᠪᠦᠷ ᠥᠭᠡᠨ ᠳᠤ ᠪᠠᠨ ᠪᠣᠯᠤᠭᠠᠤᠨ ᠬᠤᠭᠤᠯᠠ ᠢᠳᠡᠭᠦ ᠪᠠᠨ ᠮᠠᠷᠳᠠᠴᠢᠬᠠᠯ᠎ᠠ᠂ ᠵᠠᠭᠤᠰᠢ ᠡᠴᠠ ᠨᠢ ᠢᠳᠠ ᠭᠡᠵᠤ ᠱᠠᠯᠠᠬᠤ ᠳᠤ ᠡᠪᠦᠭᠡᠨ ᠢᠨᠢᠶᠡᠰᠭᠢᠭ᠍ᠰᠡᠨ ᠵᠢᠠᠨ᠄

     ᠊᠊᠊᠊᠊᠊᠊᠊᠊᠊᠊᠊᠊᠊᠊ ᠴᠢ ᠢᠳᠠ᠂ ᠪᠢ ᠢᠳᠠᠵᠤ ᠣᠷᠤᠬᠤ ᠦᠭᠡᠶ ᠪᠠᠢ᠌ᠨ᠎ᠠ᠂ ᠨᠠᠮ᠎ᠠ ᠶᠢ ᠬᠠᠮᠢᠶᠠᠷᠬᠤ ᠭᠡᠷᠡᠭ᠌ ᠦᠭᠡᠶ᠂ ᠨᠠᠳᠠ ᠠᠪᠴᠤ ᠭᠡᠯᠡᠪᠠᠯ ᠢᠳᠡᠭ᠍ᠰᠡᠨ ᠢᠳᠡᠭ᠍ᠰᠡᠨ ᠦᠭᠡᠶ ᠨᠢᠭᠡ ᠠᠳᠠᠯᠢ ᠭᠡᠵᠤ ᠭᠡᠯᠡᠭᠦ ᠶᠢᠨ ᠳᠠᠭᠠᠤ ᠪᠠᠷᠠᠭᠤᠨ ᠭᠠᠷ ᠶᠢᠡᠷ ᠶᠢᠡᠨ ᠬᠤᠳᠤᠭᠤᠳᠤ ᠪᠠᠨ ᠨᠢᠭᠡ ᠢᠯᠪᠢᠭᠡᠳ ᠠᠪᠣᠪᠠ᠃

     ᠊᠊᠊᠊᠊᠊᠊᠊᠊᠊᠊᠊᠊᠊᠊ ᠶᠠᠭᠠᠭᠢᠴᠢᠬᠠᠪᠠ︖ ᠪᠠᠶ᠎ᠠ ᠴᠢᠨᠢ ᠡᠪ ᠦᠭᠡᠶ ᠪᠠᠢ᠌ᠨ᠎ᠠ ᠦᠦ︖

     ᠊᠊᠊᠊᠊᠊᠊᠊᠊᠊᠊᠊᠊᠊᠊ ᠦᠭᠡᠶ᠂ ᠵᠥᠭᠡᠷ᠂ ᠬᠠᠮᠢᠶ᠎ᠠ ᠦᠭᠡᠶ ᠶᠠᠪᠣᠳᠠᠯ᠃

     ᠊᠊᠊᠊᠊᠊᠊᠊᠊᠊᠊᠊᠊᠊᠊ ᠬᠤᠶᠠᠭᠤᠯᠠ ᠬᠤᠭᠤᠯᠠ ᠪᠠᠨ ᠢᠳᠡᠴᠢᠭᠡᠳ ᠳᠠᠷᠠᠭ᠎ᠠ ᠨᠢ ᠮᠠᠨ ᠤ ᠳᠤ ᠭᠦᠷᠦᠭᠡᠳ ᠠᠮᠠᠷᠠᠴᠢᠬ᠎ᠠ᠂ ᠰᠠᠶ‍ᠢ ᠶᠢᠨ ᠣᠴᠢᠷ ᠶᠢᠡᠨ ᠳᠠᠷᠠᠭ᠎ᠠ ᠪᠠᠷ ᠶᠠᠷᠢᠯᠴᠠᠶ᠎ᠠ ᠭᠡᠵᠤ ᠡᠪᠦᠭᠡᠨ ᠢ ᠬᠠᠷᠠᠬᠤ ᠳᠤ ᠠᠷᠠᠢ᠌ᠬᠠᠨ ᠵᠤᠭᠰᠤᠭᠰᠠᠨ ᠨᠢᠳᠤᠨ ᠨᠢᠪᠣᠰᠤ ᠨᠢ ᠳᠠᠭᠢᠨ ᠮᠡᠯᠳᠡᠭᠡᠨᠡᠨ ᠬᠠᠷᠠᠭᠳᠠᠯ᠎ᠠ᠃ ᠭᠡᠪᠠᠴᠤ ᠡᠪᠦᠭᠡᠨ ᠳᠡᠭᠦᠨ ᠶᠢᠡᠨ ᠣᠷᠤᠰᠬᠠᠭ᠎ᠠ ᠦᠭᠡᠶ ᠭᠠᠷ ᠤᠨ ᠠᠯᠠᠭ᠎ᠠ ᠪᠠᠷ ᠶᠢᠡᠨ ᠠᠷᠴᠢᠭᠰᠠᠨ ᠶᠢᠡᠨ ᠣᠷᠳᠤ ᠭᠡᠭ᠍ᠴᠢ ᠠᠮᠢᠰᠬᠤᠭ᠎ᠠ ᠠᠪᠣᠭᠠᠤᠨ᠄

     ᠊᠊᠊᠊᠊᠊᠊᠊᠊᠊᠊᠊᠊᠊᠊ ᠴᠢ ᠬᠤᠭᠤᠯᠠ ᠪᠠᠨ ᠢᠳᠡᠴᠢᠭᠡᠳ ᠬᠤᠶᠠᠭᠤᠯᠠ ᠡ᠊ᠨᠳᠡ ᠡᠴᠠ ᠭᠠᠷᠤᠶ᠎ᠠ᠂ ᠬᠤᠵᠢᠮ ᠶᠠᠮᠠᠷ ᠣᠴᠢᠷ ᠲᠡᠶ ᠪᠣᠯ ᠴᠢᠮ᠎ᠠ ᠳᠤ ᠣᠳᠠᠰᠤᠳᠠᠶ᠎ᠠ᠂ ᠭᠡᠷ ᠲᠤ ᠴᠢᠨᠢ ᠡᠨᠡ ᠣᠳᠠᠭ᠎ᠠ ᠣᠴᠢᠬᠤ ᠥᠭᠡᠢ᠌ᠯᠡᠢ ᠭᠡᠳ ᠬᠠᠷᠠᠴᠠ ᠪᠣᠷᠤᠯᠠᠭᠤᠯᠪᠠ᠃

     ᠊᠊᠊᠊᠊᠊᠊᠊᠊᠊᠊᠊᠊᠊᠊ ᠬᠤᠭᠤᠯᠠ ᠢᠳᠡᠭᠦ ᠦᠭᠡᠶ ᠶᠠᠭᠠᠭᠢᠵᠤ ᠪᠣᠯᠬᠤ ᠪᠣᠢ︖ ᠵᠢᠭᠠᠬᠠᠨ ᠭᠡᠰᠡᠨ ᠢᠳᠡᠴᠢᠭᠡ ᠭᠡᠭᠦ ᠳ᠋ᠤ᠄

     ᠊᠊᠊᠊᠊᠊᠊᠊᠊᠊᠊᠊᠊᠊᠊ ᠦᠭᠡᠶ᠂ ᠥᠯᠦᠰᠭᠦ ᠦᠭᠡᠶ ᠭᠡᠰᠡᠨ ᠶᠢᠡᠨ ᠪᠣᠰᠴᠤ ᠵᠤᠭᠰᠤᠭᠠᠤᠨ ᠬᠠᠷᠮᠠᠨ ᠶᠢᠡᠨ ᠳᠡᠮᠳᠡᠷᠢᠭᠡᠳ ᠵᠠᠭᠤᠳᠤ ᠶᠢᠨ ᠵᠤᠭᠤᠰ ᠶᠢᠡᠨ ᠭᠠᠷᠭᠠᠭᠠᠤᠨ ᠥᠢᠯᠡᠴᠢᠯᠡᠭ᠍ᠴᠢ ᠭᠡᠦᠭᠡᠨ ᠢ ᠳᠠᠭᠤᠳᠠᠪᠠ᠃

     ᠊᠊᠊᠊᠊᠊᠊᠊᠊᠊᠊᠊᠊᠊᠊ ᠳᠡᠭᠡᠭᠦ ᠴᠢᠬᠤᠯᠠ ᠦᠭᠡᠶ᠂ ᠳᠠᠩᠰᠠ ᠶᠢ ᠪᠢ ᠪᠣᠳᠤᠨ᠎ᠠ ᠭᠡᠵᠤ ᠪᠢ ᠶᠠᠭᠠᠷᠠᠨ ᠭᠦᠶᠤᠨ ᠪᠣᠰᠤᠭᠠᠤᠨ ᠥᠢᠯᠡᠴᠢᠯᠡᠭ᠍ᠴᠢ ᠳᠤ ᠵᠤᠭᠤᠰ ᠶᠢᠡᠨ ᠠᠳᠬᠤᠭᠤᠯᠪᠠ᠃ ᠡᠪᠦᠭᠡᠨ ᠥᠭᠡ ᠳᠤᠤᠭᠠᠷᠤᠭ᠎ᠠ ᠦᠭᠡᠶ ᠪᠠᠢ᠌ᠭᠰᠠᠨ ᠶᠢᠡᠨ ᠵᠠᠭᠤᠳᠤ ᠪᠠᠨ ᠬᠠᠷᠮᠠᠯᠠᠭᠠᠤᠨ᠄

     ᠊᠊᠊᠊᠊᠊᠊᠊᠊᠊᠊᠊᠊᠊᠊ ᠳᠡᠭᠡᠪᠠᠯ ᠴᠢ ᠴᠠᠳᠳᠠᠯ᠎ᠠ ᠢᠳᠡᠴᠢᠭᠡᠭᠡᠳ ᠬᠤᠶᠠᠭᠤᠯᠠ ᠭᠠᠷᠤᠶ᠎ᠠ ᠭᠡᠵᠤ ᠳᠤᠤᠷ᠎ᠠ ᠳᠠᠭᠤᠨ ᠶᠢᠡᠷ ᠭᠡᠯᠡᠨ᠎ᠡ᠃

    ᠡᠪᠦᠭᠡᠨ ᠤ ᠢᠩᠭᠢᠵᠤ ᠶᠠᠭᠠᠷᠠᠭᠤᠯᠬᠤ ᠳᠤ ᠪᠢ ᠭᠡᠳᠥᠢᠪᠠᠷ ᠬᠤᠳᠤᠭᠤᠳᠤᠨ ᠤ ᠪᠠᠨ ᠥᠡᠴᠦᠭ᠌ ᠪᠣᠯᠤᠩ ᠢ ᠨᠢ ᠴᠤ ᠳᠦᠭᠦᠷᠭᠡᠵᠤ ᠠᠮᠵᠢᠭᠠᠳᠤᠢ ᠪᠣᠯᠪᠠᠴᠤ ᠠᠷᠭ᠎ᠠ ᠦᠭᠡᠶ ᠣᠷᠤᠭᠤᠯ ᠶᠢᠡᠨ ᠠᠷᠴᠢᠵᠤ ᠡᠪᠦᠭᠡᠨ ᠢ ᠳᠠᠭᠠᠵᠤ ᠡᠭᠦᠳᠡ ᠣᠷᠤᠭᠤ ᠠᠯᠬᠤᠪᠠ᠃

    ᠭᠤᠸᠠᠠᠵᠠᠨ ᠤ ᠭᠠᠳᠠᠨ᠎ᠠ ᠭᠠᠷᠤᠭᠠᠤᠨ ᠨᠠᠳᠠ ᠣᠷᠤᠭᠤ ᠳᠤᠭᠤᠢ ᠰᠢᠷᠳᠠᠵᠤ ᠪᠠᠢ᠌ᠭᠰᠠᠨ ᠶᠢᠡᠨ᠄

     ᠊᠊᠊᠊᠊᠊᠊᠊᠊᠊᠊᠊᠊᠊᠊ ᠡᠨᠡ ᠦᠳᠡ ᠶᠢᠨ ᠬᠣᠢ᠌ᠨ᠎ᠠ ᠭᠠᠷ ᠣᠳᠠᠰᠤ ᠪᠠᠨ ᠪᠠᠶ᠎ᠠ ᠡᠴᠠ ᠪᠠᠨ ᠪᠢᠳᠠᠭᠢ ᠰᠠᠯᠭ᠎ᠠ᠂ ᠪᠣᠯᠤᠨ᠎ᠠ ᠦᠦ︖ ᠪᠢ ᠁ ᠭᠡᠵᠤ ᠴᠡᠴᠡᠷᠭᠢᠯᠡᠩᠭᠡᠨ ᠭᠡᠯᠡᠭ᠍ᠰᠡᠨ ᠶᠢᠡᠨ ᠭᠡᠨᠡᠳᠲᠡ ᠡᠩᠭᠡᠷ ᠢ ᠨᠠᠯᠠᠨ ᠢᠷᠡᠭᠡᠳ ᠡᠭᠡᠭ᠌ ᠳᠠᠳᠠᠴᠢᠬᠠᠪᠠ᠃

    ᠡᠨᠡᠭᠦ ᠵᠤᠪᠠᠭᠤᠷᠢᠳᠤ ᠡᠪᠦᠭᠡᠨ ᠤ ᠣᠭᠢᠯᠠᠬᠤ ᠳᠠᠭᠤᠨ᠂ ᠣᠷᠤᠰᠬᠤ ᠨᠢᠯᠪᠣᠰᠤ ᠨᠢ ᠮᠢᠨᠤ ᠣᠳᠠᠭᠠᠨ ᠵᠢᠯ ᠶᠢᠡᠷ ᠬᠠᠳᠠᠵᠤ ᠬᠤᠷᠪᠣᠢ᠌ᠳᠠᠭᠰᠠᠨ ᠠᠳᠠᠷ ᠴᠦᠯ ᠰᠢᠭ᠌ ᠵᠡᠷᠯᠢᠭ᠍ᠰᠢᠭ᠍ᠰᠡᠨ ᠦᠷᠤᠴᠠ ᠵᠢᠷᠦᠭᠡ ᠶᠢ ᠦᠪᠡᠷ ᠤᠨ ᠡᠷᠭᠡ ᠦᠭᠡᠶ ᠣᠶᠠᠷᠠᠭᠤᠯᠵᠤ ᠣᠷᠭᠢᠵᠠᠢ᠃ ᠡᠨᠡᠭᠦ ᠥᠳᠡᠯᠦᠭᠡ ᠨᠠᠰᠤᠨ ᠤ ᠦᠯᠦ ᠳᠠᠨᠢᠬᠤ ᠡᠪᠦᠭᠡᠨ ᠤ ᠭᠡᠨ ᠳᠤ ᠴᠤ ᠭᠡᠯᠡᠵᠤ ᠴᠢᠳᠠᠰᠢ ᠦᠭᠡᠶ ᠰᠡᠳᠭᠢᠯ ᠤᠨ ᠵᠤᠪᠠᠭᠤᠷᠢ ᠨᠢ ᠴᠤᠬᠤᠮ ᠡᠳᠥᠢᠭᠡᠨ ᠶᠢᠡᠷ ᠵᠤᠭᠰᠤᠬᠤ ᠶᠤᠮ ᠪᠢᠰᠢ ᠭᠡᠳᠡᠭ᠌ ᠢ ᠪᠢ ᠵᠢᠭᠠᠬᠠᠨ ᠭᠠᠳᠠᠷᠯᠠᠯ᠎ᠠ᠃ ᠭᠦᠮᠤᠨ ᠳᠤ ᠭᠠᠭᠴᠠᠭᠠᠷᠳᠠᠯ ᠡᠴᠠ ᠭᠡᠴᠡᠭᠦᠤ ᠵᠤᠪᠠᠯᠠᠩ ᠭᠡᠵᠤ ᠪᠠᠢ᠌ᠬᠤ ᠦᠭᠡᠶ ᠮᠠᠭᠠᠤᠨ᠂ ᠡᠨᠡᠭᠦ ᠭᠠᠭᠴᠠᠭᠠᠷᠳᠠᠵᠤ ᠥᠨᠦᠴᠢᠷᠡᠭ᠍ᠰᠡᠨ ᠡᠪᠦᠭᠡᠨ ᠤ ᠭᠦᠭᠡᠷᠦᠭᠦᠢ ᠬᠤᠪᠢ ᠵᠠᠶᠠᠭᠠᠨ ᠳᠤ ᠮᠢᠨᠤ ᠰᠡᠳᠭᠢᠯ ᠬᠠᠢ᠌ᠯᠤᠭᠠᠤᠨ ᠢᠷᠡᠭᠦ ᠪᠠᠷ ᠨᠢ᠄

     ᠊᠊᠊᠊᠊᠊᠊᠊᠊᠊᠊᠊᠊᠊᠊ ᠠᠪᠣ ᠡ᠂ ᠪᠢ ᠴᠢᠨᠤ ᠭᠤᠶᠤᠴᠢᠯᠠᠯ ᠢ ᠭᠦᠯᠢᠶᠡᠵᠤ ᠠᠪᠣᠶ᠎ᠠ᠂ ᠪᠢ ᠴᠢᠨᠤ ᠭᠦᠤ ᠴᠢᠨᠢ ᠪᠣᠯᠤᠶ᠎ᠠ᠂ ᠶᠠᠪᠣᠶ᠎ᠠ᠂ ᠣᠳᠤ ᠪᠠᠷ ᠶᠢᠡᠨ ᠭᠡᠷ ᠲᠤ ᠪᠠᠨ ᠶᠠᠪᠣᠶ᠎ᠠ᠂ ᠠᠪᠣ ᠡ ᠭᠡᠵᠤ ᠭᠡᠯᠡᠭᠦ ᠪᠠᠷ ᠪᠢ ᠴᠤ ᠣᠭᠢᠯᠠᠪᠠ ᠪᠣᠯᠤᠯᠳᠠᠢ ᠨᠢᠳᠤ ᠶᠢ ᠮᠢᠨᠢ ᠨᠢᠯᠪᠣᠰᠤ ᠪᠦᠷᠭᠦᠵᠤ ᠪᠠᠢ᠌ᠭᠰᠠᠨ ᠶᠢᠡᠨ ᠣᠯᠵᠤ ᠮᠠᠳᠠᠪᠠ᠃

    ᠡᠪᠦᠭᠡᠨ ᠣᠭᠢᠯᠠᠬᠤ ᠪᠠᠨ ᠵᠤᠭᠰᠤᠭᠠᠤᠨ ᠮᠢᠨᠤ ᠭᠡᠯᠡᠭ᠍ᠰᠡᠨ ᠢ ᠢᠳᠡᠭᠡᠭ᠍ᠰᠡᠨ ᠦᠭᠡᠶ ᠴᠤ ᠶᠤᠮ ᠦᠦ︖ ᠡᠰᠡᠭᠦᠯ᠎ᠡ ᠦᠪᠡᠷ ᠤᠨ ᠴᠢᠭᠢ ᠪᠠᠨ ᠢᠳᠡᠭᠡᠭ᠍ᠰᠡᠨ ᠦᠭᠡᠶ ᠴᠤ ᠶᠤᠮ ᠦᠦ︖ ᠭᠡᠰᠡᠭ᠌ ᠳᠤᠭᠤᠢ ᠪᠠᠢ᠌ᠭᠰᠠᠨ ᠶᠢᠡᠨ᠄

     ᠊᠊᠊᠊᠊᠊᠊᠊᠊᠊᠊᠊᠊᠊᠊ ᠴᠢ ᠥᠨᠡᠭᠡᠷ ᠵᠦᠪᠰᠢᠶᠠᠷᠠᠪᠠ ᠦᠦ︖ ᠭᠡᠵᠤ ᠳᠠᠪᠳᠠᠨ ᠠᠰᠠᠭᠤᠨ᠎ᠠ᠃

    ᠰᠠᠶ‍ᠢᠬᠠᠨ ᠤ ᠭᠡᠯᠡᠭ᠍ᠰᠡᠨ ᠥᠭᠡᠨ ᠳᠤ ᠪᠠᠨ ᠪᠢ ᠦᠪᠡᠷ ᠶᠢᠡᠨ ᠴᠤ ᠰᠡᠵᠢᠭ᠌ ᠳᠦᠷᠤᠵᠤ ᠠᠮᠠ ᠠᠯᠳᠠᠭᠰᠠᠨ ᠳᠤ ᠪᠠᠨ ᠭᠡᠴᠡᠭᠦᠤ ᠬᠠᠷᠠᠮᠰᠠᠪᠠ᠃ ᠡᠪᠦᠭᠡᠨ ᠤ ᠳᠠᠪᠰᠢᠨ ᠠᠰᠠᠭᠤᠭᠰᠠᠨ ᠤ ᠬᠠᠷᠢᠭᠤ ᠳᠤ ᠠᠮᠠ ᠪᠠᠨ ᠠᠩᠭ᠋ᠠᠢ᠌ᠨ ᠶᠠᠭᠤ ᠴᠤ ᠭᠡᠯᠡᠭᠦ ᠪᠠᠨ ᠣᠯᠵᠤ ᠴᠢᠳᠠᠬᠤ ᠦᠭᠡᠶ ᠠᠯᠠᠮᠠᠢ᠌ᠷᠠᠨ ᠬᠠᠷᠠᠬᠤ ᠳᠤ ᠳᠡᠭᠦᠨ ᠤ ᠠᠯᠢᠪᠠ ᠢᠳᠡᠭᠡᠯ ᠭᠦᠰᠡᠯ᠂ ᠭᠤᠷᠢᠳᠠᠯ ᠨᠠᠢ᠌ᠳᠠᠪᠣᠷᠢ ᠨᠢ ᠨᠢᠭᠡ ᠯᠠ ᠳᠤᠤᠷ᠎ᠠ ᠵᠠᠮᠬᠠᠷᠠᠨ ᠣᠳᠪᠠ ᠪᠣᠯᠤᠯᠳᠠᠢ ᠶᠠᠭᠤ ᠴᠤ ᠳᠤᠤᠭᠠᠷᠤᠭ᠎ᠠ ᠦᠭᠡᠶ ᠣᠳᠠᠳᠠᠯ᠎ᠠ ᠵᠤᠭᠰᠤᠵᠤ ᠪᠠᠢ᠌ᠭᠰᠠᠨ ᠵᠢᠠᠨ᠄

     ᠊᠊᠊᠊᠊᠊᠊᠊᠊᠊᠊᠊᠊᠊᠊ ᠵᠠ᠂ ᠬᠡᠦᠬᠡᠳ ᠡ᠂ ᠬᠠᠷᠢ ᠡ︕ ᠭᠡᠵᠤ ᠭᠡᠯᠡᠭᠡᠳ ᠡᠷᠭᠢᠪᠡ᠃

    ᠪᠢ ᠶᠠᠭᠤ ᠴᠤ ᠭᠡᠯᠡᠵᠤ ᠴᠢᠳᠠᠭ᠎ᠠ ᠦᠭᠡᠶ ᠳᠡᠭᠦᠨ ᠤ ᠬᠣᠢ᠌ᠨ᠎ᠠ ᠡᠴᠠ ᠨᠢ ᠬᠠᠷᠠᠭᠰᠠᠭᠠᠷ ᠬᠤᠴᠤᠷᠪᠠ᠃

    ᠡᠪᠦᠭᠡᠨ ᠤ ᠬᠤᠯᠠᠳᠤᠨ ᠣᠳᠬᠤ ᠪᠠᠷ᠎ᠠ ᠶᠢ ᠨᠢ ᠬᠠᠷᠠᠭᠠᠤᠨ ᠵᠤᠭᠰᠤᠬᠤ ᠳᠤ ᠪᠠᠨ ᠳᠡᠭᠦᠨ ᠳᠤ ᠶᠠᠮᠠᠷ ᠨᠢᠭᠡᠨ ᠭᠢᠵᠤ ᠭᠦᠢᠴᠡᠳᠭᠡᠭᠡ ᠦᠭᠡᠶ ᠦᠷᠢ ᠲᠦᠯᠦᠭᠡᠰᠤ ᠲᠡᠶ ᠪᠣᠯᠤᠭᠰᠠᠨ ᠶᠤᠮ ᠰᠢᠭ ᠪᠣᠳᠤᠭᠳᠠᠵᠤ ᠴᠡᠭᠡᠵᠢᠨ ᠳᠤᠳᠤᠷ᠎ᠠ ᠡᠭᠡᠭᠡ ᠯᠠ ᠶᠠᠮᠠᠷ ᠨᠢᠭᠡᠨ ᠳᠤᠮᠤ ᠴᠢᠯᠠᠭᠤ ᠳᠠᠷᠤᠭᠰᠠᠨ ᠰᠢᠭ ᠪᠣᠯᠤᠭᠠᠤᠨ ᠶᠠᠭᠤ ᠨᠢᠭᠡ ᠶᠠᠭᠤᠮ᠎ᠠ ᠶᠢ ᠴᠤ ᠰᠡᠷᠭᠡᠭ᠌ ᠳᠤᠳᠤᠷᠬᠠᠢ ᠪᠣᠳᠤᠵᠤ ᠴᠢᠳᠠᠬᠤ ᠪᠠᠨ ᠪᠣᠯᠢᠪᠠ᠃

    ᠨᠢᠭᠡ ᠮᠡᠳᠡᠭᠦ ᠳᠤ ᠳᠡᠭᠦᠨ ᠤ ᠪᠠᠷ᠎ᠠ ᠬᠠᠷᠠᠭᠳᠠᠬᠤ ᠪᠠᠨ ᠪᠣᠯᠢᠵᠠᠢ᠃

    ᠡᠨᠡ ᠭᠢᠷᠢ ᠪᠣᠯᠤᠭᠠᠤᠨ ᠰᠠ‍‌ᠶᠢ ᠪᠢ ᠦᠪᠡᠷ ᠶᠢᠡᠨ ᠰᠤᠷᠭᠠᠭᠤᠯᠢ ᠳᠤ ᠪᠠᠨ ᠬᠠᠷᠢᠬᠤ ᠪᠣᠯᠤᠭᠰᠠᠨ ᠶᠢᠡᠨ ᠰᠠᠨᠠᠭᠠᠨ ᠳᠤ ᠣᠷᠤᠪᠠ᠃ ᠦᠳᠡ ᠶᠢᠨ ᠬᠣᠢ᠌ᠨᠠᠭᠢ ᠠᠵᠢᠯ ᠤᠨ ᠴᠠᠭ ᠠᠷᠠᠢ ᠪᠣᠯᠤᠭ᠎ᠠ ᠦᠭᠡᠶ ᠪᠣᠯᠪᠠᠴᠤ ᠡᠷᠳᠡᠭᠡᠨ ᠰᠢᠭ᠌ ᠭᠦᠷᠦᠭᠡᠳ ᠡᠨᠡᠭᠦ ᠵᠡᠭᠦᠳᠤ ᠦᠨᠡᠨ ᠤ ᠬᠤᠭᠤᠷᠤᠠᠳᠤᠭᠢ᠂ ᠵᠦᠪ ᠪᠣᠷᠤᠭᠤ ᠶᠢᠨ ᠵᠠᠪᠰᠠᠷᠭᠢ ᠨᠠᠭᠠᠳᠤᠮ ᠦᠨᠡᠨ ᠤ ᠢᠯᠭᠠᠭ᠎ᠠ ᠨᠢ ᠦᠯᠦ ᠮᠡᠳᠡᠭ᠍ᠳᠡᠭᠦ ᠣᠴᠠᠷᠠᠯ ᠡᠴᠠ ᠵᠠᠢ᠌ᠳᠠᠶ᠎ᠠ ᠭᠡᠵᠤ ᠪᠣᠳᠤᠭᠠᠤᠨ ᠶᠠᠭᠠᠷᠠᠤ ᠬᠠᠷᠢᠯ᠎ᠠ᠃

    ᠰᠤᠷᠭᠠᠭᠤᠯᠢ ᠳᠤ ᠪᠠᠨ ᠬᠠᠷᠢᠬᠤ ᠳᠤ ᠵᠢᠵᠢᠭᠦᠷ ᠰᠤᠷᠤᠭᠴᠢᠳ ᠤᠨ ᠣᠰᠤ ᠳᠠᠮᠨᠠᠨ ᠱᠠᠯᠠ ᠪᠠᠨ ᠵᠥᠯᠭᠦᠨ ᠶᠠᠭᠠᠷᠠᠯᠳᠤᠬᠤ ᠵᠢᠴᠢ ᠠᠯᠢᠶ᠎ᠠ ᠭᠦᠦᠴᠦᠦᠯ ᠤᠨ ᠡᠢ᠌ᠰᠢ ᠳᠠᠢ᠌ᠰᠢ ᠰᠦᠯᠵᠢᠯᠳᠤᠨ ᠭᠦᠶ‍ᠦᠯᠳᠦᠭᠦ ᠴᠤᠪᠣᠭᠤ ᠭᠦᠭᠡᠷᠦᠭᠦᠨ ᠱᠤᠤᠭᠢᠶᠠᠨ ᠨᠢ ᠭᠡᠳᠥᠢᠪᠠᠷ ᠠᠯᠢ ᠡᠷᠳᠡᠨ ᠤ ᠳᠠᠨᠢᠯ ᠳᠠᠰᠤᠯ ᠡᠭᠡᠰᠢᠭ᠌ ᠪᠠᠢ᠌ᠭᠰᠠᠨ ᠴᠤ ᠳᠠᠷᠠ ᠡᠪᠦᠭᠡᠨ ᠤ ᠬᠠᠮᠤᠭ ᠤᠨ ᠦᠨᠡᠨ ᠴᠠᠭᠠᠨ ᠭᠤᠶᠤᠴᠢᠯᠠᠯ ᠢ ᠭᠦᠰᠡᠷᠳᠡᠭᠦᠯᠦᠭᠡᠳ ᠲᠡᠩᠴᠡᠬᠦᠷᠢ ᠪᠠᠨ ᠠᠯᠳᠠᠭᠰᠠᠨ ᠰᠡᠳᠭᠢᠯ ᠤᠨ ᠣᠢ᠌ᠮᠤᠷᠤᠯ ᠢ ᠨᠠᠮᠬᠠᠷᠠᠭᠤᠯᠵᠤ ᠮᠦᠨ ᠴᠢᠳᠠᠭ᠎ᠠ ᠦᠭᠡᠶ᠃ ᠳᠡᠭᠦᠨ ᠤ ᠭᠤᠶᠤᠴᠢᠯᠠᠯ ᠢ ᠭᠦᠯᠢᠶᠡᠨ ᠠᠪᠣᠭᠰᠠᠨ ᠪᠠᠢ᠌ᠪᠠᠯ ᠵᠣᠢ᠌ᠳᠠᠢ ᠰᠢᠭ᠌ ᠰᠠᠨᠠᠭᠳᠠᠪᠠᠴᠤ ᠡᠢ᠌ᠮᠦᠷᠭᠦ ᠭᠡᠨᠡᠳᠲᠡ ᠶᠢᠨ ᠳᠤᠯᠭᠠᠷᠠᠯ ᠳᠤ ᠭᠡᠨ ᠴᠤ ᠭᠡᠰᠡᠨ ᠳᠠᠢ᠌ᠮᠤ ᠯᠠ ᠭᠢᠯᠪᠠᠷᠬᠠᠨ 《ᠪᠣᠯᠤᠨ᠎ᠠ》 ᠭᠡᠵᠤ ᠳᠤᠯᠤᠭᠠᠢ ᠳᠤᠭᠢᠬᠤ ᠶᠤᠰᠤ ᠦᠭᠡᠶ ᠰᠢᠭ᠌ ᠪᠣᠳᠤᠭᠳᠠᠵᠤ ᠦᠪᠡᠷ ᠢ ᠪᠠᠨ ᠵᠥᠪᠳᠡᠭᠡᠭᠦ ᠶᠢ ᠣᠷᠤᠯᠳᠤᠨ᠎ᠠ᠃ ᠳᠠᠷᠠ ᠭᠡᠨᠡᠨ ᠡᠪᠦᠭᠡᠨ ᠨᠠᠳᠠ ᠳᠤ ᠭᠤᠮᠤᠳᠠᠭᠰᠠᠨ ᠨᠢ ᠢᠯᠡᠷᠭᠡᠢ᠂ ᠭᠡᠪᠠᠴᠤ ᠳᠠᠷᠠ ᠭᠡᠷᠪᠡ ᠦᠨᠡᠩᠬᠦ ᠳᠡᠭᠡᠵᠤ ᠨᠠᠮ᠎ᠠ ᠶᠢ ᠭᠦᠤ ᠪᠠᠨ ᠭᠡᠵᠤ ᠲᠦᠰᠢᠵᠤ ᠠᠮᠢᠳᠤᠷᠠᠬᠤ ᠢᠳᠡᠭᠡᠯ ᠪᠠᠢ᠌ᠭᠰᠠᠨ ᠶᠤᠮ ᠪᠣᠯ ᠨᠠᠳᠠ ᠶᠢ ᠳᠠᠭᠢᠵᠤ ᠡᠷᠢᠭᠦ ᠶᠤᠰᠤᠳᠠᠢ᠃ ᠭᠡᠪᠠᠴᠤ ᠳᠠᠷᠠ ᠭᠦᠭᠡᠷᠦᠭᠦᠢ ᠡᠪᠦᠭᠡᠨ ᠳᠠᠭᠢᠭᠠᠤᠨ ᠡᠷᠢᠭᠡᠳ ᠢᠷᠠᠪᠠᠯ ᠪᠢ ᠴᠤᠬᠤᠮ ᠶᠠᠭᠠᠭᠢᠳᠠᠭ ᠪᠢᠯᠠ︖ ᠵᠥᠪᠰᠢᠶᠡᠷᠡᠭᠡᠳ ᠭᠦᠯᠢᠶᠡᠵᠤ ᠠᠪᠣᠨ᠎ᠠ ᠦᠦ︖ ᠮᠢᠨᠤ ᠡᠴᠢᠭᠡ ᠡᠭᠡ ᠡᠷᠡᠭᠦᠯ ᠮᠠᠠᠳᠤ ᠪᠠᠷ ᠶᠢᠡᠨ ᠠᠮᠢᠳᠤᠷᠠᠭᠰᠠᠭᠠᠷ᠃ ᠳᠡᠭᠡᠭᠦ ᠮᠦᠷᠳᠡᠭᠡᠨ ᠳᠠᠷᠠ ᠡᠪᠦᠭᠡᠨ ᠤ ᠴᠤᠬᠤᠮ ᠪᠠᠢ᠌ᠳᠠᠯ ᠢ ᠨᠢ ᠳᠤᠳᠤᠷᠬᠠᠢ ᠮᠡᠳᠡᠭᠦ ᠪᠠᠢ᠌ᠭᠰᠠᠭᠠᠷ᠂ ᠣᠳᠤ ᠶᠢᠨ ᠨᠡᠢ᠌ᠭᠡᠮ ᠳᠤ ᠭᠡᠨ ᠢ ᠴᠤ ᠭᠡᠰᠡᠨ ᠰᠡᠵᠢᠭᠯᠡᠵᠤ ᠰᠠᠷᠠᠮᠵᠢᠯᠠᠵᠤ ᠪᠠᠢ᠌ᠬᠤ ᠰᠢᠯᠳᠠᠭ ᠲᠡᠶ᠃

     ᠶᠠᠮᠠᠷ ᠴᠤ ᠦᠶ᠎ᠡ ᠭᠡᠳ ᠥᠩᠭᠡᠷᠡᠭᠡᠳ ᠣᠳᠪᠠᠯ ᠠᠯᠢᠪᠠ ᠣᠴᠢᠷ ᠶᠠᠪᠣᠳᠠᠯ ᠨᠢ ᠠᠶᠠᠠᠳᠠᠭᠠᠨ ᠰᠡᠭᠦᠯ ᠳᠤᠯᠤᠭᠠᠢ ᠳᠤᠳᠤᠷᠬᠠᠢ ᠪᠣᠯᠤᠭᠠᠤᠨ ᠢᠷᠡᠳᠡᠭ᠌ ᠶᠤᠮ ᠪᠠᠢ᠌ᠨ᠎ᠠ᠃ ᠦᠳᠡ ᠶᠢᠨ ᠬᠣᠢ᠌ᠨᠠᠭᠢ ᠳᠦᠷᠦᠭᠦᠤ ᠭᠢᠴᠢᠶᠠᠯ ᠶᠢᠡᠨ ᠳᠠᠢ᠌ᠯᠪᠣᠷᠢᠯᠠᠵᠤ ᠳᠠᠭᠤᠰᠬᠤ ᠪᠠᠷ ᠪᠠᠶ᠎ᠠ ᠰᠡᠳᠭᠢᠯ ᠪᠦᠷᠢᠨ ᠴᠢᠯᠦᠭᠡᠯᠡᠭ᠍ᠳᠡᠭ᠍ᠰᠡᠨ ᠶᠤᠮ ᠰᠢᠭ᠌ ᠳᠤᠩ ᠭᠦᠩᠭᠡᠷᠡᠭᠡᠳ ᠢᠷᠠᠵᠠᠢ᠃ ᠠᠯᠪᠠᠨ ᠭᠡᠷ ᠲᠤ ᠪᠠᠨ ᠣᠷᠤᠭᠠᠤᠨ ᠰᠠᠠᠳᠠᠯᠢ ᠳᠡᠭᠡᠷ᠎ᠡ ᠪᠠᠨ ᠰᠠᠭᠤᠮᠤᠭᠴᠠ ᠡᠪᠦᠭᠡᠨ ᠤ ᠰᠠᠯᠵᠤ ᠶᠠᠪᠣᠬᠤ ᠳᠤ ᠪᠠᠨ 《ᠡᠨᠡ ᠦᠳᠡ ᠶᠢᠨ ᠬᠣᠢ᠌ᠨ᠎ᠠ ᠭᠠᠷ ᠣᠳᠠᠰᠤ ᠪᠠᠨ ᠪᠠᠶ᠎ᠠ ᠡᠴᠠ ᠪᠠᠨ ᠪᠢᠳᠠᠭᠢ ᠰᠠᠯᠭ᠎ᠠ》 ᠭᠡᠵᠤ ᠵᠠᠭᠢᠵᠤ ᠪᠠᠢ᠌ᠭᠰᠠᠨ ᠢ ᠰᠠᠨᠠᠭᠠᠤᠨ ᠭᠢᠴᠢᠶᠡᠯᠯᠡᠭᠦ ᠳᠤ ᠪᠠᠨ ᠬᠠᠭᠠᠭᠠᠤᠨ ᠣᠷᠤᠬᠤ ᠮᠠᠰᠢᠨ ᠶᠢᠡᠨ ᠶᠠᠭᠠᠷᠠᠨ ᠨᠡᠭᠡᠭᠡᠪᠡ᠃ ᠡᠨᠡ ᠬᠤᠭᠤᠷᠤᠠᠳᠤ ᠣᠳᠠᠰᠤ ᠢᠷᠡᠭ᠍ᠰᠡᠨ ᠥᠭᠡᠢ ᠪᠠᠢ᠌ᠭᠠᠰᠠᠢ᠂ ᠳᠡᠭᠡᠭ᠍ᠰᠡᠨ ᠪᠠᠢ᠌ᠪᠠᠯ ᠨᠠᠳᠠ ᠨᠠᠩ ᠭᠡᠴᠢᠨᠡᠨ ᠭᠤᠮᠤᠳᠠᠬᠤ ᠶᠤᠮ ᠪᠣᠯ︖

     ᠠᠷᠪᠠᠭᠠᠤᠨ ᠮᠢᠨᠦ᠋ᠲ ᠤᠨ ᠳᠠᠷᠠᠭ᠎ᠠ ᠣᠳᠠᠰᠤ ᠳᠠᠴᠢᠭᠢᠨᠠᠪᠠ᠂ ᠰᠠᠠᠳᠤᠷᠤᠨ ᠳᠤᠰᠪᠠᠯ ᠮᠢᠨᠤ ᠡᠵᠢ ᠡᠴᠠ ᠢᠷᠡᠭᠦᠯᠦᠭ᠍ᠰᠡᠨ ᠣᠳᠠᠰᠤ ᠪᠠᠢ᠌ᠵᠤ ᠦᠳᠡᠰᠢ ᠶᠢᠨ ᠬᠤᠭᠤᠯᠠ ᠪᠠᠨ ᠪᠠᠩᠰᠢ ᠭᠢᠭᠦ ᠪᠠᠷ ᠪᠠᠢ᠌ᠬᠤ ᠶᠤᠮ ᠭᠡᠨ᠎ᠡ᠂ ᠳᠠᠠᠳᠠ ᠨᠢ ᠣᠴᠢᠭᠠᠤᠨ ᠢᠳᠠ ᠭᠡᠭᠦ ᠶᠤᠮ᠃ ᠠᠮᠳᠠᠳᠠᠢ ᠰᠢᠮᠠᠳᠠᠢ ᠬᠤᠭᠤᠯᠠ ᠪᠣᠳᠠᠭ᠎ᠠ ᠪᠣᠯᠤᠭᠰᠠᠭᠠᠷ ᠦᠷ᠎ᠡ ᠬᠡᠦᠬᠡᠳ ᠶᠢᠡᠨ ᠰᠠᠨᠠᠭᠠᠤᠨ ᠣᠯᠬᠤ ᠨᠢ ᠡᠴᠢᠭᠡ ᠡᠭᠡ ᠪᠣᠯᠤᠭᠰᠠᠤᠨ ᠤᠨ ᠬᠠᠮᠳᠤ ᠶᠢᠨ ᠶᠤᠰᠤ ᠪᠠᠢ᠌ᠯᠭᠦᠢ᠃ ᠡᠢ᠌ᠮᠤ ᠪᠠᠢ᠌ᠳᠠᠭ ᠡᠴᠠ ᠳᠠᠷᠠ ᠡᠪᠦᠭᠡᠨ ᠤ ᠦᠷ᠎ᠡ ᠶᠢᠨ ᠭᠠᠭᠴᠠ ᠭᠦᠤ ᠨᠢ ᠭᠢᠠᠳᠠᠨ ᠳᠤ ᠰᠠᠭᠤᠵᠤ ᠪᠠᠢ᠌ᠬᠤ ᠪᠣᠯᠬᠤᠷ ᠡᠴᠢᠭᠡ ᠨᠢ ᠪᠣᠯᠤᠭᠰᠠᠨ ᠳᠡᠭᠦᠨ ᠳᠤ ᠭᠡᠴᠢᠨᠡᠨ ᠶᠡᠭᠡ ᠵᠤᠪᠠᠭᠤᠷᠢ ᠲᠡᠶ ᠪᠠᠢ᠌ᠭ᠎ᠠ ᠶᠢ ᠠᠮᠠᠷᠬᠠᠨ ᠣᠢ᠌ᠯᠠᠭᠠᠵᠤ ᠪᠣᠯᠤᠮᠠᠷ ᠶᠤᠮ᠃

     ᠨᠠᠯᠢᠶᠠᠤᠨ ᠣᠳᠠᠭᠠᠤᠨ ᠣᠳᠠᠰᠤ ᠳᠠᠭᠢᠨ ᠳᠠᠴᠢᠭᠢᠨᠠᠪᠠ᠃ ᠳᠠᠷᠠ ᠨᠢ ᠨᠢᠭᠡᠨ ᠦᠯᠦ ᠳᠠᠨᠢᠬᠤ ᠭᠦᠮᠤᠨ ᠡᠴᠠ ᠢᠷᠡᠭᠦᠯᠪᠡ᠃

     ᠊᠊᠊᠊᠊᠊᠊᠊᠊᠊᠊᠊᠊᠊᠊ ᠬᠠᠷᠠ᠊᠊ᠢ᠋ᠷᠪᠢᠰ ᠮᠦᠨ ᠦᠦ︖

     ᠊᠊᠊᠊᠊᠊᠊᠊᠊᠊᠊᠊᠊᠊᠊ ᠪᠢ ᠮᠦᠨ᠃

     ᠊᠊᠊᠊᠊᠊᠊᠊᠊᠊᠊᠊᠊᠊᠊ ᠴᠢ ᠠᠷᠠᠤᠨ ᠤᠨ ᠡᠮᠨᠡᠯᠭᠡ ᠶᠢᠨ ᠬᠤᠷᠢᠶᠠᠨ ᠳᠤ ᠳᠦᠷᠭᠡᠨ ᠢᠷ᠎ᠠ᠂ ᠴᠢᠨᠤ ᠡᠴᠢᠭᠡ ᠴᠢᠨᠢ ᠳᠦᠷᠭᠡᠨ ᠠᠪᠣᠷᠠᠯᠳᠠ ᠭᠢᠭᠡᠳ ᠴᠤ ᠳᠤᠰᠠ ᠪᠣᠯᠤᠭᠰᠠᠨ ᠦᠭᠡᠶ᠃

     ᠊᠊᠊᠊᠊᠊᠊᠊᠊᠊᠊᠊᠊᠊᠊ ᠶᠠᠭᠤ ᠭᠡᠨ᠎ᠡ︖ ᠮᠢᠨᠤ ᠡᠴᠢᠭᠡ ᠶᠠᠭᠠᠭᠢᠪᠠ ᠭᠡᠨ᠎ᠡ︖

     ᠊᠊᠊᠊᠊᠊᠊᠊᠊᠊᠊᠊᠊᠊᠊ ᠳᠠᠢ᠌ᠮᠤ ᠡ᠂ ᠴᠢᠨᠤ ᠡᠴᠢᠭᠡ ᠴᠢᠨᠢ ᠡᠮᠨᠡᠯᠭᠡ ᠳᠤ ᠪᠠᠢ᠌ᠨ᠎ᠠ᠂ ᠴᠢ ᠳᠦᠷᠭᠡᠨ ᠢᠷ᠎ᠠ᠂ ᠪᠢ ᠳᠤᠳᠤᠭᠠᠳᠤ ᠶᠢ ᠬᠠᠮᠠᠭᠠᠯᠠᠬᠤ ᠶᠢᠨ ᠭᠡᠯ᠎ᠡ᠃

     ᠳᠤᠩᠭ᠋ᠠᠯᠠᠭ ᠡᠳᠦᠷ ᠠᠶᠤᠩᠭ᠎ᠠ ᠨᠢᠷᠭᠢᠭ᠍ᠰᠡᠨ ᠰᠢᠭ᠌ ᠪᠣᠯᠵᠤ ᠭᠦᠶᠤᠨ ᠪᠣᠰᠳᠠᠯ᠎ᠠ ᠬᠠᠮᠳᠤ ᠠᠵᠢᠯᠯᠠᠬᠤ ᠪᠠᠭᠰᠢ᠄

     ᠊᠊᠊᠊᠊᠊᠊᠊᠊᠊᠊᠊᠊᠊᠊ ᠶᠠᠮᠠᠷ ᠣᠴᠢᠷ ᠪᠣᠯᠪᠠ︖ ᠭᠡᠵᠤ ᠰᠤᠨᠢᠷᠬᠠᠨ ᠠᠰᠠᠭᠤᠬᠤ ᠳ᠋ᠤ

     ᠊᠊᠊᠊᠊᠊᠊᠊᠊᠊᠊᠊᠊᠊᠊ ᠮᠢᠨᠤ ᠠᠪᠣ ᠡᠮᠨᠡᠯᠭᠡ ᠳᠤ ᠪᠠᠢ᠌ᠨ᠎ᠠ ᠭᠡᠨ᠎ᠡ ᠭᠡᠵᠤ ᠭᠡᠯᠡᠵᠤ ᠪᠠᠷᠠᠬᠤ ᠡᠴᠠ ᠪᠠᠨ ᠡᠮᠤᠨ᠎ᠡ ᠭᠦᠶᠤᠨ ᠭᠠᠷᠴᠤ ᠣᠳᠪᠠ᠃

     ᠡᠮᠨᠡᠯᠭᠡ ᠶᠢᠨ ᠬᠤᠷᠢᠶᠠᠨ ᠤ ᠪᠠᠴᠢᠮ ᠠᠪᠣᠷᠠᠯᠳᠠ ᠶᠢᠨ ᠭᠡᠷ ᠤᠨ ᠡᠭᠦᠳᠡᠨ ᠳᠤ ᠭᠡᠳᠤᠨ ᠴᠠᠭᠳᠠᠭ᠎ᠠ ᠭᠡᠳᠤᠨ ᠡᠮᠴᠢ ᠲᠡᠶ ᠵᠤᠭᠰᠤᠵᠠᠭᠠᠨ᠎ᠠ᠃ ᠨᠠᠮ᠎ᠠ ᠶᠢ ᠭᠦᠯᠦᠰᠤ ᠠᠰᠬᠠᠨ ᠭᠦᠶᠤᠨ ᠢᠷᠡᠭᠦ ᠶᠢ ᠥᠵᠡᠭᠡᠳ ᠨᠢᠭᠡ ᠴᠠᠭᠳᠠᠭ᠎ᠠ ᠨᠢ᠄

     ᠊᠊᠊᠊᠊᠊᠊᠊᠊᠊᠊᠊᠊᠊᠊ ᠴᠢ ᠬᠠᠷᠠ᠊ᠢ᠋ᠷᠪᠢᠰ ᠮᠦᠨ ᠦᠦ︖ ᠭᠡᠵᠤ ᠡᠰᠡᠷᠭᠦ ᠡᠴᠠ ᠢᠷᠠᠵᠤ ᠠᠰᠠᠭᠤᠨ᠎ᠠ᠃

     ᠊᠊᠊᠊᠊᠊᠊᠊᠊᠊᠊᠊᠊᠊᠊ ᠮᠦᠨ ᠭᠡᠵᠤ ᠭᠡᠯᠡᠭᠡᠳ ᠶᠠᠮᠠᠷ ᠣᠴᠢᠷ ᠪᠣᠯᠤᠭᠰᠠᠨ ᠳᠤᠬᠠᠢ ᠠᠰᠠᠭᠤᠭᠠᠤᠨ ᠬᠠᠷᠢᠭᠤᠯᠳᠠ ᠰᠤᠨᠤᠰᠬᠤ ᠶᠢᠨ ᠵᠠᠪ ᠭᠠᠷᠭᠠᠯ ᠦᠭᠡᠶ ᠡᠭᠦᠳᠡ ᠪᠠᠷ ᠨᠢ ᠰᠢᠭᠤᠳ ᠰᠢᠷᠭᠤᠯᠠᠨ ᠣᠷᠤᠪᠠ᠃ ᠣᠷᠤ ᠳᠡᠭᠡᠷ᠎ᠡ ᠭᠡᠪᠳᠡᠭ᠍ᠰᠡᠨ ᠭᠦᠮᠤᠨ ᠢ ᠰᠠᠠᠳᠤᠷᠤᠨ ᠣᠴᠢᠵᠤ ᠦᠵᠡᠪᠠᠯ ᠳᠠᠷᠠ ᠨᠢ ᠮᠢᠨᠤ ᠠᠪᠣ ᠪᠢᠰᠢ ᠬᠠᠷᠢᠨ ᠦᠨᠦᠭᠢ ᠡᠪᠦᠭᠡᠨ ᠪᠠᠢ᠌ᠭᠰᠠᠨ ᠨᠢ ᠨᠠᠳᠠ ᠶᠢ ᠨᠠᠩ ᠰᠤᠴᠢᠭᠠᠵᠠᠢ᠃

     ᠳᠠᠷᠠ ᠨᠢ ᠮᠢᠨᠤ ᠡᠴᠢᠭᠡ ᠪᠢᠰᠢ ᠭᠡᠳᠡᠭ᠌ ᠶᠢᠡᠨ ᠳᠤᠳᠤᠷᠬᠠᠢ᠌ᠯᠠᠨ ᠭᠡᠯᠡᠪᠠᠯ ᠦᠨᠦ ᠴᠠᠭᠳᠠᠭ᠎ᠠ ᠨᠢᠭᠡ ᠬᠠᠭᠤᠳᠠᠰᠤ ᠵᠠᠭᠢᠳᠠᠯ ᠭᠠᠷᠭᠠᠭᠠᠤᠨ ᠨᠠᠳᠠ ᠭᠠᠷᠳᠠᠭᠤᠯᠪᠠ᠃

     ᠵᠠᠭᠢᠳᠠᠯ ᠤᠨ ᠳᠤᠭᠳᠤᠢ ᠳᠡᠭᠡᠷ᠎ᠡ 《ᠭᠦᠤ ᠬᠠᠷᠠ᠊ᠢ᠋ᠷᠪᠢᠰ ᠬᠤᠷᠢᠶᠠᠮᠤ》 ᠭᠡᠵᠤ ᠳᠤᠷᠠᠢ᠌ᠮ᠎ᠠ ᠪᠢᠴᠢᠭ᠍ᠰᠡᠨ ᠤ ᠬᠠᠵᠠᠭᠤ ᠳᠤ ᠨᠢ ᠮᠢᠨᠤ ᠣᠳᠠᠰᠤᠨ ᠨᠤᠮᠸᠷ ᠢ ᠴᠤ ᠢᠯᠡᠭᠡᠨ ᠪᠢᠴᠢᠵᠤ ᠳᠠᠯᠪᠢᠵᠠᠢ᠃ ᠵᠠᠭᠢᠳᠠᠯ ᠢ ᠵᠠᠳᠠᠯᠬᠤ ᠬᠤᠭᠤᠷᠤᠠᠳᠤ ᠨᠥᠭᠦᠭᠡ ᠴᠠᠭᠳᠠᠭ᠎ᠠ᠄

     ᠊᠊᠊᠊᠊᠊᠊᠊᠊᠊᠊᠊᠊᠊᠊ ᠡᠨᠡ ᠡᠪᠦᠭᠡᠨ ᠬᠤᠤᠷ ᠢᠳᠡᠭᠡᠳ ᠮᠠᠨ ᠤ ᠳᠤᠳᠤᠭᠠᠳᠤ ᠶᠢ ᠬᠠᠮᠠᠭᠠᠯᠠᠬᠤ ᠰᠠᠯᠪᠣᠷᠢ ᠶᠢᠨ ᠠᠰᠠᠷ ᠤᠨ ᠪᠣᠯᠤᠩ ᠳᠤ ᠭᠡᠪᠳᠡᠵᠤ ᠪᠠᠢ᠌ᠭᠰᠠᠨ ᠢ ᠪᠢᠳᠠ ᠰᠠᠷᠠᠵᠤ ᠮᠡᠳᠡᠭᠡᠳ ᠡ᠊ᠨᠳᠡ ᠠᠪᠴᠢᠷᠠᠳᠠᠯ᠎ᠠ ᠨᠢᠭᠡᠨᠲᠡ ᠠᠮᠢ ᠳᠠᠯᠪᠢᠴᠢᠬᠠᠵᠠᠢ ᠭᠡᠵᠤ ᠳᠠᠢ᠌ᠯᠪᠣᠷᠢᠯᠠᠨ᠎ᠠ᠃

     ᠵᠠᠭᠢᠳᠠᠯ ᠢ ᠵᠠᠳᠠᠯᠤᠨ ᠦᠵᠡᠪᠠᠯ᠄

     ᠬᠠᠢ᠌ᠷᠠᠳᠤ ᠭᠦᠤ ᠬᠠᠷᠠ᠊ᠢ᠋ᠷᠪᠢᠰ ᠲᠤ (ᠭᠡᠭᠦ ᠳᠤ ᠪᠠᠨ ᠮᠢᠨᠤ ᠨᠠᠷ᠎ᠠ ᠶᠢ ᠣᠠᠳᠤᠤ ᠥᠩᠭᠡ ᠶᠢᠨ ᠪᠣᠳᠤᠭ ᠶᠢᠡᠷ ᠪᠢᠴᠢᠭ᠍ᠰᠡᠨ ᠪᠠᠢ᠌ᠨ᠎ᠠ) ᠄

ᠢᠩᠭᠢᠵᠤ ᠳᠠᠭᠤᠳᠠᠬᠤ ᠶᠢ ᠵᠥᠪᠰᠢᠶᠡᠷᠡᠭᠦ ᠪᠣᠯᠪᠠᠤ ᠭᠡᠵᠤ ᠪᠢ ᠭᠦᠰᠡᠵᠤ ᠪᠠᠢ᠌ᠨ᠎ᠠ᠃ ᠨᠠᠷ᠎ᠠ ᠶᠢ ᠴᠢᠨᠢ ᠭᠡᠨ ᠭᠡᠳᠡᠭ᠌ ᠢ ᠪᠢ ᠣᠳᠤ ᠪᠣᠯᠳᠠᠯ᠎ᠠ ᠮᠡᠳᠡᠭᠡᠳᠦᠢ ᠪᠠᠢ᠌ᠭᠰᠠᠭᠠᠷ᠂ ᠮᠡᠳᠡᠭ᠍ᠰᠡᠨ ᠳᠠᠷᠠ ᠡᠳᠦᠷ ᠲᠤ ᠮᠢᠨᠤ ᠠᠮᠢ ᠨᠠᠰᠤ ᠴᠤ ᠳᠠᠭᠤᠰᠤᠨ᠎ᠠ᠃ ᠴᠢᠮ᠎ᠠ ᠲᠡᠶ ᠳᠠᠭᠢᠨ ᠠᠭᠤᠯᠵᠠᠵᠤ ᠨᠢᠭᠡ ᠨᠠᠰᠤᠨ ᠤ ᠬᠠᠮᠤᠭ ᠡᠴᠦᠰ ᠤᠨ ᠨᠠᠢ᠌ᠳᠠᠪᠣᠷᠢ ᠪᠠᠨ ᠳᠠᠯᠪᠢᠬᠤ ᠪᠠᠷ ᠣᠳᠤ ᠳᠤᠭᠳᠠᠵᠠᠢ᠃ ᠪᠢ ᠦᠨᠡᠨ ᠳᠤ ᠪᠠᠨ ᠭᠢᠠᠳᠠᠨ ᠳᠤ ᠰᠠᠭᠤᠭ᠎ᠠ ᠭᠦᠤ ᠪᠠᠨ ᠭᠦᠯᠢᠶᠡᠭᠦ ᠪᠠᠷ ᠵᠤᠷᠢᠭᠯᠠᠨ ᠠᠮᠢᠳᠤᠷᠠᠭᠰᠠᠭᠠᠷ ᠢᠷᠠᠵᠠᠢ᠂ ᠭᠡᠪᠠᠴᠤ ᠳᠡᠭ᠍ᠷᠢ ᠠᠪᠣ ᠨᠠᠮ᠎ᠠ ᠶᠢ ᠭᠦᠤ ᠪᠠᠨ ᠭᠦᠯᠢᠶᠡᠯᠭᠡᠭᠦ ᠴᠠᠭ ᠦᠭ‍ᠭᠦ ᠪᠠᠨ ᠪᠣᠯᠢᠭᠰᠠᠨ ᠰᠢᠤ᠃ ᠦᠨᠦ ᠦᠳᠡ ᠶᠢᠨ ᠡᠮᠤᠨ᠎ᠡ ᠳᠡᠭᠡᠷ᠎ᠡ ᠰᠠᠷ᠎ᠠ ᠴᠢ ᠮᠢᠨᠤ ᠵᠤᠭᠤᠰ ᠢ ᠭᠠᠷᠭᠠᠵᠤ ᠦᠭ‍ᠭᠦᠭ᠍ᠰᠡᠨ ᠢ ᠳᠠᠭᠤᠷᠢᠶᠠᠵᠤ ᠪᠢ ᠦᠪᠡᠷ ᠶᠢᠡᠨ ᠪᠠᠩᠭᠢ ᠡᠴᠠ ᠵᠤᠭᠤᠰ ᠭᠠᠷᠭᠠᠭᠰᠠᠨ ᠶᠤᠮ᠃ ᠳᠡᠭᠡᠭᠡᠳ ᠣᠷᠴᠢᠮ ᠶᠢᠡᠷ ᠡᠪᠠᠳᠦᠭᠡᠳ ᠪᠠᠢ᠌ᠳᠠᠭ ᠬᠤᠳᠤᠭᠤᠳᠤ ᠪᠠᠨ ᠡᠮᠨᠡᠯᠭᠡ ᠳᠤ ᠭᠦᠷᠴᠤ ᠪᠠᠢ᠌ᠴᠠᠯᠭᠠᠬᠤ ᠳᠤ ᠡᠮᠴᠢ ᠡᠴᠠ ᠬᠤᠳᠤᠭᠤᠳᠤᠨ ᠤ ᠦᠮᠠᠨ ᠣᠯᠵᠠᠢ ᠭᠡᠵᠤ ᠳᠤᠳᠤᠷᠬᠠᠢ ᠭᠡᠯᠡᠭᠡᠳ ᠥᠭ᠍ᠴᠡᠢ᠃ ᠡᠢ᠌ᠮᠤ ᠡᠴᠠ ᠪᠢ ᠦᠨᠦ ᠭᠡᠳᠤᠨ ᠵᠢᠯ ᠤᠨ ᠳᠤᠷᠰᠢᠳᠠ ᠭᠦᠤ ᠪᠠᠨ ᠳᠠᠰᠪᠣᠷᠢᠯᠠᠨ ᠭᠦᠯᠢᠶᠡᠭ᠍ᠰᠡᠨ ᠮᠢᠨᠢ ᠳᠠᠯᠠᠭᠠᠷ ᠪᠣᠯᠤᠭᠰᠠᠨ ᠭᠡᠳᠡᠭ᠌ ᠶᠢᠡᠨ ᠮᠠᠳᠠᠯ᠎ᠠ᠂ ᠣᠳᠤ ᠮᠢᠨᠤ ᠭᠦᠤ ᠪᠣᠬᠠᠨ ᠵᠤ᠋ ᠶᠢᠨ ᠭᠢᠠᠳᠠᠨ ᠳᠤ ᠬᠤᠷᠢᠭᠠᠳᠠᠢ ᠪᠠᠢ᠌ᠨ᠎ᠠ᠂ ᠴᠢᠳᠠᠯᠳᠤ ᠭᠡᠳᠡᠭ᠌᠂ ᠡᠨᠡ ᠵᠢᠯ 26 ᠨᠠᠰᠤᠳᠠᠢ᠂ ᠪᠠᠰᠠ ᠵᠢᠷᠭᠤᠭᠠᠨ ᠵᠢᠯ ᠭᠠᠷᠤᠢ ᠶᠢᠨ ᠬᠤᠷᠢᠭᠳᠠᠯ ᠤᠨ ᠬᠤᠭᠤᠴᠠᠭ᠎ᠠ ᠲᠡᠶ᠂ ᠳᠡᠭᠦᠨ ᠢ ᠪᠢ ᠳᠠᠨ ᠳᠤ ᠳᠤᠰᠢᠶᠠᠶ᠎ᠠ᠂ ᠭᠦᠤ ᠮᠢᠨᠢ ᠭᠢᠠᠳᠠᠨ ᠡᠴᠠ ᠭᠠᠷᠴᠤ ᠢᠷᠠᠪᠠᠯ ᠳᠤᠰᠠ ᠬᠠᠷᠠᠭᠠᠯᠵᠠᠯ ᠥᠵᠡᠭᠦᠯᠭᠦ ᠭᠦᠮᠤᠨ ᠨᠢᠭᠡᠨᠲᠡ ᠥᠭᠡᠷ᠎ᠡ ᠦᠭᠡᠶ ᠪᠣᠯᠤᠭᠰᠠᠨ ᠰᠢᠤ᠂ ᠪᠢ ᠳᠠᠨ ᠢ ᠰᠠᠢ᠌ᠨ ᠭᠦᠤ ᠭᠡᠵᠤ ᠳᠡᠭᠡᠷ᠎ᠡ ᠣᠳᠠᠭᠠᠨ ᠤ ᠣᠴᠠᠷᠠᠯ ᠡᠴᠠ ᠨᠠᠪᠳᠠ ᠣᠯᠵᠤ ᠬᠠᠷᠠᠭᠰᠠᠨ ᠶᠤᠮ᠃

     ᠡᠨᠡ ᠵᠠᠭᠢᠳᠠᠯ ᠤᠨ ᠬᠠᠮᠳᠤ ᠮᠢᠨᠤ ᠨᠢᠭᠡ ᠨᠠᠰᠤᠨ ᠤ ᠥᠯᠡᠳᠡᠭᠡᠵᠤ ᠬᠤᠴᠤᠷᠭᠠᠭᠰᠠᠨ ᠪᠦᠭᠦᠢᠯᠡ ᠦᠪ ᠭᠦᠷᠦᠩᠭᠡ ᠊᠊᠊᠊᠊᠊᠊᠊᠊᠊᠊᠊᠊᠊᠊ ᠬᠤᠶᠠᠷ ᠳᠠᠰᠤᠯᠭ᠎ᠠ ᠰᠢᠷᠤᠢ ᠶᠢᠨ ᠪᠠᠢ᠌ᠰᠢᠩ ᠪᠠ ᠡᠨᠡᠭᠦ ᠪᠠᠭ᠎ᠠ ᠰᠠᠭ᠎ᠠ ᠴᠠᠯᠢᠩ ᠢ ᠴᠢᠮ᠎ᠠ ᠳᠤ ᠥᠭ᠍ᠴᠤ ᠨᠠᠮ᠎ᠠ ᠶᠢ ᠰᠢᠷᠤᠢ ᠳᠤ ᠣᠷᠤᠭᠤᠯᠬᠤ ᠶᠢ ᠨᠠᠢ᠌ᠳᠠᠶ᠎ᠠ᠃ ᠮᠢᠨᠤ ᠭᠡᠨᠡᠳᠲᠡ ᠶᠢᠨ ᠨᠠᠢ᠌ᠳᠠᠪᠣᠷᠢ ᠶᠢ ᠴᠢ ᠵᠦᠪᠰᠢᠶᠠᠷᠠᠵᠤ ᠠᠪᠬᠤ ᠡᠰᠡᠭᠦ ᠶᠢ ᠪᠢ ᠳᠠᠰᠤᠷᠬᠠᠢ ᠭᠡᠯᠡᠵᠤ ᠴᠢᠳᠠᠬᠤ ᠦᠭᠡᠶ ᠪᠠᠢ᠌ᠨ᠎ᠠ᠂ ᠭᠡᠪᠠᠴᠤ ᠨᠠᠳᠠ ᠵᠥᠪᠭᠡᠨ ᠴᠢᠮ᠎ᠠ ᠳᠤ ᠯᠠ ᠨᠠᠢ᠌ᠳᠠᠬᠤ ᠡᠴᠠ ᠥᠭᠡᠷ᠎ᠡ ᠵᠠᠮ ᠦᠭᠡᠶ ᠪᠣᠯᠵᠠᠢ᠃ ᠴᠢᠳᠠᠯᠳᠤ ᠶᠢ ᠦᠪᠡᠷ ᠤᠨ ᠳᠡᠭᠦᠤ ᠰᠢᠭ᠌ ᠰᠠᠨᠠᠵᠤ ᠳᠡᠭᠦᠨ ᠢ ᠵᠦᠪ ᠵᠠᠮ ᠶᠢᠡᠷ ᠳᠠᠭᠠᠭᠤᠯᠤᠨ ᠭᠦᠮᠤᠨ ᠭᠡᠵᠤ ᠠᠮᠢᠳᠤᠷᠠᠬᠤ ᠶᠢᠨ ᠠᠷᠭ᠎ᠠ ᠣᠬᠠᠭᠠᠨ ᠵᠢᠭᠠᠵᠤ ᠦᠭ‍ᠭᠦ ᠶᠢ ᠪᠢ ᠨᠥᠭᠦᠭᠡ ᠶ‍ᠢᠷᠳᠢᠠᠴᠤ ᠡᠴᠠ ᠳᠠᠭᠠᠳᠬᠠᠨ ᠵᠠᠯᠪᠢᠷᠠᠶ᠎ᠠ︕   

              ᠡᠭᠦᠨ ᠤ ᠳᠤᠯᠠ

     ᠣᠯᠠᠭᠠᠨ ᠪᠠᠯᠭᠠᠰᠤᠨ ᠤ ᠠᠮᠤ ᠪᠣᠳᠠᠭᠠᠨ ᠤ ᠭᠦᠮᠦᠷᠭᠡ ᠡᠴᠠ ᠠᠮᠷᠠᠯᠳᠠ ᠠᠪᠣᠭᠰᠠᠨ ᠵᠢᠷᠠᠠᠳᠠᠢ ᠡᠴᠠ ᠭᠢᠴᠢᠶᠡᠩᠭᠦᠢᠯᠡᠨ ᠭᠤᠶᠤᠪᠠ᠃

            * * ᠣᠨ ᠤ * * ᠰᠠᠷ᠎ᠠ ᠶᠢᠨ * * ᠊ᠤ ᠡᠳᠦᠷ

     ᠪᠢᠴᠢᠭ᠍ᠰᠡᠨ ᠰᠠᠷ᠎ᠠ ᠡᠳᠦᠷ ᠢ ᠨᠢ ᠦᠵᠡᠪᠠᠯ ᠣᠷᠵᠢᠳᠤᠷ ᠤᠨ ᠪᠢᠴᠢᠭ᠍ᠰᠡᠨ ᠵᠠᠭᠢᠳᠠᠯ ᠪᠠᠢ᠌ᠵᠠᠢ᠃ ᠵᠠᠭᠢᠳᠠᠯ ᠶᠢᠡᠨ ᠪᠢᠴᠢᠭ᠍ᠰᠡᠨ ᠤ ᠬᠣᠢ᠌ᠨ᠎ᠠ ᠨᠠᠮ᠎ᠠ ᠶᠢ ᠭᠤᠷᠪᠠᠨ ᠡᠳᠦᠷ ᠭᠦᠯᠢᠶᠡᠭ᠍ᠰᠡᠨ ᠮᠦᠷᠳᠡᠭᠡᠨ ᠨᠠᠳᠠ ᠲᠡᠶ ᠣᠴᠠᠷᠠᠭᠠᠤᠨ ᠨᠠᠷ᠎ᠠ ᠶᠢ ᠮᠡᠳᠡᠭ᠍ᠰᠡᠨ ᠬᠣᠢ᠌ᠨ᠎ᠠ ᠰᠠ‍‌ᠶᠢ ᠵᠠᠭᠢᠳᠠᠯ ᠳᠤ ᠨᠠᠷ᠎ᠠ ᠶᠢ ᠨᠥᠭᠦᠨ ᠪᠢᠴᠢᠭ᠍ᠰᠡᠨ ᠭᠡᠳᠡᠭ᠌ ᠢ ᠣᠢ᠌ᠯᠠᠭᠠᠯ᠎ᠠ᠃

     ᠭᠡᠳᠦᠭᠡᠨ ᠴᠠᠭ ᠤᠨ ᠡᠮᠤᠨ᠎ᠡ ᠰᠢᠷᠡᠭᠡ ᠬᠠᠪᠴᠢᠨ ᠰᠠᠭᠤᠵᠤ ᠪᠠᠢ᠌ᠭᠰᠠᠨ ᠭᠦᠭᠡᠷᠦᠭᠦᠢ ᠡᠪᠦᠭᠡᠨ ᠤ ᠭᠡᠷᠢᠶᠡᠰᠤ ᠵᠠᠭᠢᠳᠠᠯ ᠢ ᠣᠩᠰᠢᠵᠤ ᠪᠠᠷᠠᠭᠠᠤᠨ ᠬᠤᠶᠠᠷ ᠨᠢᠳᠤᠨ ᠡᠴᠠ ᠨᠢᠯᠪᠣᠰᠤ ᠠᠶᠠᠠᠳᠠᠭᠠᠨ ᠣᠷᠤᠰᠴᠢᠬᠠᠪᠠ᠃


ᠵᠤᠬᠢᠶᠠᠭᠴᠢ ᠶᠢᠨ ᠬᠠ‍‌ᠶᠢᠭ ᠄ ᠵᠠᠯᠠᠢ᠌ᠳ ᠬᠤᠰᠢᠭᠤ

ᠵᠤᠬᠢᠶᠠᠭᠴᠢ᠄ ᠭᠦᠢᠳᠡᠡᠪᠤᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9233
ᠴᠠᠭ᠄ 2011 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ