ᠨᠡᠪᠲᠡᠷᠡᠨ ᠤᠷᠤᠬᠤ
ᠪᠠᠷᠠᠭᠤᠨ ᠮᠤᠩᠭ᠋ᠤᠯ ᠳᠠᠭᠠᠨ ᠭᠦᠷᠭᠦ ᠶᠤᠮᠰᠠᠨ

ᠡᠨ

ᠪᠠᠷᠳᠠᠮ ᠶᠡᠭᠡ ᠬᠤᠸᠠᠷᠱᠠᠮ ᠣᠯᠤᠰ ᠢ

ᠪᠣᠯᠳᠤ ᠪᠠᠷ ᠨᠢ ᠣᠤᠯᠭᠠᠯᠠᠭᠰᠠᠨ

ᠪᠣᠮᠠᠨ ᠮᠤᠩᠭ᠋ᠤᠯ ᠡᠷᠡᠰ ᠶᠢᠡᠨ ᠱᠠᠭᠰᠢᠬᠤ ᠶᠤᠮ ᠰᠠᠨ

ᠪᠠᠯᠠᠭ ᠠᠯᠳᠠᠭᠰᠠᠨ ᠵᠠᠯᠠᠯᠳᠢᠨ ᠳᠦᠷᠦᠭᠦᠳᠡᠨ ᠢ

ᠫᠧᠷᠰ ᠶᠢᠡᠷ ᠠᠳᠤᠭᠤᠯᠤᠭᠰᠠᠨ

ᠪᠠᠭᠠᠳᠤᠷ ᠰᠥᠪᠠᠭᠡᠳᠡᠢ ᠪᠠᠨ ᠱᠠᠭᠰᠢᠬᠤ ᠶᠤᠮ ᠰᠠᠨ

ᠳᠤᠭᠤᠯ ᠶᠢᠡᠨ ᠡᠷᠭᠢᠭᠦᠯᠳᠡᠭ᠌ ᠨᠠᠮᠬᠠᠨ ᠵᠤ᠋ ᠰᠢᠭ

ᠳᠡᠭ᠍ᠷᠢ ᠫᠠᠮᠢᠷ ᠢ ᠴᠤᠭᠴᠢᠭᠰᠠᠨ

ᠳᠠᠯᠠᠮᠠᠨ ᠭᠦᠯᠦᠭ᠌ ᠶᠢᠡᠨ ᠱᠠᠭᠰᠢᠬᠤ ᠶᠤᠮ ᠰᠠᠨ

ᠲᠦᠪ ᠦᠷᠦᠨ᠎ᠠ ᠶᠢᠨ ᠣᠯᠠᠨ ᠶᠠᠰᠤᠳᠠᠨ ᠢ

ᠳᠤᠭᠤᠭᠠᠨ ᠤ ᠪᠠᠨ ᠶᠠᠰᠤ ᠰᠢᠭ ᠪᠣᠴᠠᠯᠭᠠᠭᠰᠠᠨ

ᠳᠤᠭᠠᠳᠠᠢ ᠮᠤᠩᠭ᠋ᠤᠯ ᠶᠢᠡᠨ ᠱᠠᠭᠰᠢᠬᠤ ᠶᠤᠮ ᠰᠠᠨ

ᠬᠤᠳᠤᠭ᠎ᠠ ᠪᠠᠭᠢ ᠶᠢᠨ ᠪᠠᠯᠠᠷ ᠣᠢ ᠳ᠋ᠤ

ᠭᠦᠢᠳᠡᠨ ᠴᠠᠭᠢᠭᠤᠷ ᠢ ᠨᠢ ᠴᠠᠭᠢᠬᠤ ᠶᠤᠮ ᠰᠠᠨ

ᠬᠤᠯᠤᠭᠤ ᠬᠠᠭᠠᠨ ᠤ ᠪᠠᠭᠤᠷᠢ ᠣᠷᠳᠤ ᠳᠤ

ᠭᠦᠭ᠍ᠵᠢᠮ ᠤᠨ ᠴᠤᠤᠷᠢᠶ᠎ᠠ ᠶᠢ ᠨᠢ ᠴᠢᠩᠨᠠᠬᠤ ᠶᠤᠮ ᠰᠠᠨ

ᠳᠠᠶᠠᠭ ᠦᠭᠡᠶ ᠡᠰᠡᠨ ᠳᠠᠢ᠌ᠰᠢ ᠳᠤ

ᠭᠡᠭᠦᠷ ᠦᠭᠡᠶ ᠱᠠᠷᠢᠯ ᠪᠣᠮᠪᠠᠯᠠᠬᠤ ᠶᠤᠮ ᠰᠠᠨ

ᠬᠤᠶᠠᠭ ᠦᠭᠡᠶ ᠡᠯᠪᠠᠭ᠌ ᠬᠠᠭᠠᠨ ᠳ᠋ᠤ

ᠳᠠᠷᠠᠭ ᠦᠭᠡᠶ ᠳᠠᠭᠢᠯ ᠡᠷᠭᠦᠭᠦ ᠶᠤᠮ ᠰᠠᠨ

ᠡᠢ

ᠵᠢᠷᠭᠤᠭᠠᠨ ᠲᠦᠮᠡᠨ  ᠮᠤᠩᠭ᠋ᠤᠯ

ᠵᠠᠢ᠌ᠯᠠᠵᠤ ᠬᠠᠶᠠᠭᠰᠠᠨ ᠳ᠋ᠠᠢ᠌ᠳᠤ ᠬᠤᠳᠠᠨ᠎ᠠ

ᠵᠤᠷᠢᠭᠳᠤ ᠴᠢᠩᠭᠦᠡᠵᠡᠪ ᠤᠨ ᠴᠡᠭᠡᠵᠢᠨ᠎ᠡ ᠱᠠᠷᠴᠢᠭᠢᠨᠠᠬᠤ ᠳᠤ᠂

ᠵᠢᠷᠠᠨ ᠬᠤᠶᠠᠷ ᠲᠦᠮᠡᠨ ᠡᠷᠡᠯᠭᠡᠭ᠌ ᠰᠦᠨᠠᠰᠤ

ᠳᠦᠷᠪᠡᠨ ᠲᠦᠮᠡᠨ ᠣᠢ᠌ᠷᠠᠤᠨ ᠤᠨ

ᠵᠠᠭᠤᠨ ᠣᠨ ᠬᠠᠮᠠᠭᠠᠯᠠᠭᠰᠠᠨ ᠵᠡᠭᠦᠡᠭᠠᠷ ᠨᠤᠳᠤᠭ ᠲᠤ

ᠪᠣᠱᠤᠭᠳᠤ ᠬᠠᠭᠠᠨ ᠤ ᠴᠠᠴᠠᠷ ᠊ᠨ᠎ᠡ ᠰᠢᠭᠤᠷᠤᠨ᠎ᠠ᠃

ᠳᠠᠸᠠᠴᠢ ᠬᠠᠨ ᠤ ᠭᠦᠰᠡᠷ ᠠᠯᠳᠠᠭᠰᠠᠨ ᠰᠠᠷᠬᠤᠤᠨ

ᠳᠡᠭ᠍ᠷᠢ ᠴᠦᠯ ᠤᠨ ᠡᠯᠡᠰᠦᠨ᠎ᠡ ᠰᠠᠩᠬᠤᠯᠠᠬᠤ ᠳᠤ᠂

ᠳᠠᠢ᠌ᠵᠢ ᠠᠮᠤᠷᠰᠠᠨᠠᠭ᠎ᠠ ᠶᠢᠨ ᠴᠤᠪᠣᠭᠤᠯᠤᠭᠰᠠᠨ ᠰᠢᠷᠬᠠᠨ ᠴᠢᠰᠤ

ᠡᠷᠴᠢᠰ ᠮᠦᠷᠠᠨ ᠤ ᠣᠷᠤᠰᠬᠠᠯ ᠊ᠨ᠎ᠠ ᠪᠣᠴᠠᠯᠤᠨ᠎ᠠ᠃

ᠦᠨᠡᠨ ᠶᠤᠰᠤ ᠭᠡᠵᠤ ᠪᠠᠢ᠌ᠳᠠᠭ ᠪᠣᠯ

ᠪᠠᠭᠠᠳᠤᠷ ᠢ ᠪᠠᠭᠠᠳᠤᠷ ᠭᠡᠵᠤ ᠦᠨᠡᠯᠠ︕

ᠦᠨᠡᠨ ᠪᠣᠷᠬᠠᠨ ᠭᠡᠵᠤ ᠪᠠᠢ᠌ᠳᠠᠭ ᠪᠣᠯ

ᠪᠠᠭᠠᠳᠤᠷ ᠰᠦᠨᠠᠰᠤ ᠤᠳ ᠢ ᠮᠤᠩᠭ᠋ᠤᠯ ᠳ᠋ᠤᠨᠢ ᠳᠠᠭᠢᠵᠤ ᠳᠦᠷᠦᠭᠦᠯ︕

ᠪᠣᠯᠵᠤᠭᠠᠨ ᠡᠴᠡ ᠪᠠᠨ ᠬᠤᠵᠢᠳᠠᠭᠰᠠᠨ ᠣᠪᠠᠰᠢ ᠬᠠᠨ ᠤ

ᠪᠣᠷᠤ ᠵᠡᠭᠡᠷᠳᠡ ᠶᠢᠨ ᠨᠢᠳᠤᠨ ᠳ᠋ᠤᠨᠢ ᠵᠠᠢ᠌ᠷ ᠲᠡᠶ ᠶᠠ

ᠪᠣᠴᠠᠬᠤ ᠠᠶᠠᠨ ᠤ ᠥᠭᠦᠯ ᠠᠶᠤᠯ ᠢ ᠡᠷᠭᠢᠴᠡᠭᠦᠯᠭᠦᠶ᠎ᠡ

ᠪᠣᠭᠤᠯ ᠪᠣᠯᠬᠤ ᠵᠠᠶᠠᠭ᠎ᠠ ᠶᠢ ᠰᠠᠨᠠᠵᠠᠢ ᠦᠦ ᠳ᠋ᠠ᠂

ᠬᠤᠭᠤᠴᠠᠭᠠᠨ ᠡᠴᠡ ᠪᠠᠨ ᠬᠤᠵᠢᠳᠠᠭᠰᠠᠨ ᠣᠪᠠᠰᠢ ᠬᠠᠨ ᠤ

ᠭᠦᠷᠡᠩ ᠵᠡᠭᠡᠷᠳᠡ ᠶᠢᠨ ᠨᠢᠳᠤᠨ ᠳ᠋ᠤᠨᠢ ᠵᠠᠢ᠌ᠷ ᠳᠠᠢ  ᠶᠠ

ᠬᠠᠷᠢᠬᠤ ᠠᠶᠠᠨ ᠤ ᠭᠦᠴᠢᠷ ᠪᠠᠷᠭᠡ ᠶᠢ ᠡᠷᠭᠢᠴᠡᠭᠦᠯᠭᠦᠶ᠎ᠡ

ᠭᠦᠮᠤᠨ ᠤ ᠪᠣᠭᠤᠯ ᠪᠣᠯᠬᠤ ᠶᠢ ᠰᠠᠨᠠᠵᠠᠢ ᠦᠦ ᠳ᠋ᠠ᠃

ᠵᠤᠬᠢᠶᠠᠭᠴᠢ᠄ ᠠᠮᠤᠷ
ᠢᠷᠡᠯᠲᠡ᠄ ᠠᠮᠤᠷ(ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ)
ᠬᠠᠷᠢᠶ᠎ᠠ᠄ ᠰᠢᠯᠦᠭ
ᠳᠠᠷᠤᠮ᠄ 2784
ᠴᠠᠭ᠄ 2008 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ