☆ ᠪᠤ᠊ · ᠬᠠᠰ
ᠶᠢᠰᠦᠨ ᠬᠦᠰᠡᠯ
ᠮᠤᠩᠭ᠋ᠤᠯᠴᠤᠳ ᠶᠢᠰᠤ ᠶᠢ ᠡᠷᠳᠡᠨ ᠡᠴᠠ ᠨᠠᠰᠢ ᠦᠯᠵᠠᠢ ᠪᠠᠯᠭᠡ ᠲᠡᠶ ᠳᠤᠭ᠎ᠠ ᠭᠡᠵᠤ ᠥᠵᠡᠭ᠍ᠰᠡᠭᠡᠷ ᠢᠷᠡᠭ᠍ᠰᠡᠨ ᠶᠤᠮ᠃
1. ᠮᠥᠩᠭᠡ ᠶᠢᠨ ᠭᠦᠰᠡᠯ᠄ ᠮᠤᠩᠭ᠋ᠤᠯ ᠭᠦᠮᠤᠨ ᠤ ᠣᠶᠤᠨ ᠰᠠᠨᠠᠭᠠᠨ ᠳᠤ ᠮᠠᠰᠢ ᠡᠷᠳᠡᠨ ᠡᠴᠠ ᠮᠥᠩᠭᠡ ᠶᠢᠨ ᠰᠡᠦᠡᠭᠢᠯᠭᠡ ᠳᠤᠰᠤᠭᠰᠠᠨ ᠶᠤᠮ᠃ ᠡᠩᠭᠡ ᠵᠢᠷᠭᠠᠯ ᠳᠠᠢ᠂ ᠮᠥᠩᠭᠡ ᠨᠠᠰᠤ ᠲᠡᠶ ᠥᠭᠦᠰᠢ ᠦᠭᠡᠶ ᠮᠥᠩᠭᠡ ᠪᠠᠢ᠌ᠬᠤ ᠭᠦᠰᠡᠯ ᠲᠡᠶ᠃
2. ᠵᠢᠷᠭᠠᠯ ᠤᠨ ᠭᠦᠰᠡᠯ᠄ ᠠᠮᠢᠳᠤ ᠶᠢᠨ ᠵᠢᠷᠭᠠᠯ ᠭᠡᠳᠡᠭ᠌᠃ ᠵᠢᠷᠭᠠᠯ ᠤᠨ ᠳᠡᠭᠡᠳᠤ ᠨᠢ ᠰᠠᠤᠠᠭᠢᠯ ᠤᠨ ᠵᠢᠷᠭᠠᠯ᠂ ᠵᠢᠷᠭᠠᠯ ᠡᠴᠠ ᠰᠠᠢ᠌ᠬᠠᠨ ᠶᠠᠭᠤᠮ᠎ᠠ ᠦᠭᠡᠶ᠃
3. ᠦᠷ᠎ᠠ ᠶᠢᠨ ᠭᠦᠰᠡᠯ᠄ ᠠᠢ᠌ᠯ ᠭᠡᠷ ᠤᠨ ᠪᠠᠳᠠᠷᠠᠨ ᠳᠡᠭ᠍ᠵᠢᠷᠡᠭᠦ ᠶᠢᠨ ᠡᠭᠢ ᠪᠣᠯ ᠭᠠᠯ ᠭᠤᠯᠤᠮᠳᠠ ᠪᠠᠨ ᠰᠠᠭᠢᠵᠤ ᠭᠠᠯ ᠶᠢᠡᠨ ᠪᠠᠳᠠᠷᠠᠭᠠᠬᠤ᠂ ᠭᠡᠷ ᠶᠢᠡᠨ ᠵᠠᠰᠠᠬᠤ ᠦᠷ᠎ᠠ ᠭᠡᠦᠭᠡᠤᠨ ᠶᠤᠮ᠃ ᠡᠢ᠌ᠮᠤ ᠣᠴᠢᠷ ᠡᠴᠠ ᠮᠤᠩᠭ᠋ᠤᠯᠴᠤᠳ 《ᠦᠷ᠎ᠠ ᠶᠢᠨ ᠪᠣᠶᠠᠨ 》 ᠭᠡᠵᠤ ᠦᠷ᠎ᠠ ᠭᠡᠦᠭᠡᠤᠨ ᠢ ᠮᠥᠷᠦᠭᠡᠦᠡᠴᠤ ᠪᠠᠢ᠌ᠳᠠᠭ᠃ ᠦᠷ᠎ᠠ ᠲᠡᠶ ᠭᠦᠮᠤᠨ ᠤ ᠡᠪᠦᠷ ᠳᠤᠯᠠᠭᠠᠨ᠂ ᠦᠷ᠎ᠠ ᠦᠭᠡᠶ ᠭᠦᠮᠤᠨ ᠤ ᠡᠪᠦᠷ ᠭᠦᠢᠳᠡᠨ᠂ ᠦᠷ᠎ᠠ ᠲᠡᠶ ᠭᠦᠮᠤᠨ ᠤ ᠡᠪᠦᠷ ᠨᠣᠢ᠌ᠳᠠᠨ᠂ ᠦᠷ᠎ᠠ ᠦᠭᠡᠶ ᠭᠦᠮᠤᠨ ᠤ ᠨᠢᠳᠤ ᠨᠣᠢ᠌ᠳᠠᠨ ᠭᠡᠳᠡᠭ᠌᠃
4. ᠡᠷᠳᠡᠮ ᠤᠨ ᠭᠦᠰᠡᠯ᠄ ᠡᠷᠳᠡᠮ ᠪᠣᠯ ᠭᠤᠷᠪᠠᠨ ᠪᠠᠶᠠᠨ ᠤ ᠳᠡᠭᠡᠳᠤ ᠳᠤ ᠣᠷᠤᠳᠠᠭ᠃ ᠭᠦᠮᠤᠨ ᠤ ᠣᠶᠤᠨ ᠣᠬᠠᠭᠠᠨ ᠨᠢ ᠬᠠᠮᠤᠭ ᠢ ᠪᠦᠳᠦᠭᠡᠵᠤ ᠪᠣᠯᠬᠤ ᠳᠤ ᠣᠷᠤᠰᠢᠵᠤ ᠪᠠᠢ᠌ᠨ᠎ᠠ᠃ ᠮᠤᠩᠭ᠋ᠤᠯ ᠭᠦᠮᠤᠨ 《ᠡᠷᠳᠡᠮ ᠤᠨ ᠭᠦᠰᠡᠯ》 ᠢ 《ᠨᠤᠮ ᠤᠨ ᠡᠷᠳᠡᠮ》 ᠂ 《ᠣᠷᠠᠯᠠᠬᠤ ᠡᠷᠳᠡᠮ》 ᠂ 《ᠪᠦᠳᠦᠭᠡᠭᠦ ᠡᠷᠳᠡᠮ》ᠭᠡᠵᠤ ᠥᠵᠡᠳᠡᠭ᠌᠃ ᠡᠷᠳᠡᠮ ᠲᠡᠶ ᠭᠦᠮᠤᠨ ᠳᠠᠯᠠᠢ᠂ ᠡᠷᠳᠡᠮ ᠦᠭᠡᠶ ᠭᠦᠮᠤᠨ ᠪᠠᠯᠠᠢ ᠪᠣᠶᠤ᠃
5. ᠡᠷᠡᠭᠦᠯ ᠤᠨ ᠭᠦᠰᠡᠯ᠄ ᠮᠤᠩᠭ᠋ᠤᠯ ᠭᠦᠮᠤᠨ ᠤ ᠭᠡᠯᠡᠳᠡᠭ᠌ 《ᠠᠮᠢᠳᠤ ᠶᠢᠨ ᠵᠢᠷᠭᠠᠯ 》ᠭᠡᠳᠡᠭ᠌ ᠨᠢ ᠡᠷᠡᠭᠦᠯ ᠤᠨ ᠭᠦᠰᠡᠯ ᠶᠤᠮ᠃ ᠠᠮᠢᠳᠤ ᠶᠠᠪᠣᠪᠠᠯ ᠠᠷᠭ᠎ᠠ ᠨᠢ ᠣᠯᠳᠠᠨ᠎ᠠ᠃ ᠠᠮᠢᠳᠤ ᠶᠠᠪᠣᠭᠰᠠᠨ ᠭᠦᠮᠤᠨ ᠠᠯᠳᠠᠨ ᠠᠶᠠᠭᠠᠨ ᠡᠴᠠ ᠣᠰᠤ ᠣᠤᠭᠤᠨ᠎ᠠ᠂ ᠡᠷᠡᠭᠦᠯ ᠶᠠᠪᠣᠪᠠᠯ ᠡᠷᠳᠡᠨᠢ ᠴᠤ ᠣᠯᠳᠠᠨ᠎ᠠ᠂ ᠰᠠᠷᠠᠭᠤᠯ ᠶᠠᠪᠣᠪᠠᠯ ᠰᠤᠪᠣᠤᠨ ᠴᠤ ᠣᠯᠳᠠᠨ᠎ᠠ᠃
6. ᠡᠨᠡᠷᠢᠯ ᠤᠨ ᠭᠦᠰᠡᠯ᠄ ᠮᠤᠩᠭ᠋ᠤᠯ ᠭᠦᠮᠤᠨ ᠤ ᠰᠡᠦᠡᠭᠢᠯᠭᠡᠨ ᠳᠤ 《ᠰᠠᠢ᠌ᠨ ᠰᠠᠨᠠᠭ᠎ᠠ》 ᠭᠡᠵᠤ ᠪᠠᠢ᠌ᠳᠠᠭ᠃ ᠡᠨᠡ ᠨᠢ ᠥᠷᠭᠡᠨ ᠣᠢ᠌ᠯᠠᠭᠠᠯᠳᠠ ᠪᠠ ᠭᠦᠮᠤᠨ ᠭᠦᠮᠤᠨ ᠳᠡᠭᠡᠨ ᠨᠥᠭᠦᠷ ᠪᠣᠯᠵᠤ᠂ ᠳᠡᠭᠦᠨ ᠢ ᠪᠠᠨ ᠡᠨᠡᠷᠢᠨ ᠬᠠᠢ᠌ᠷᠠᠯᠠᠬᠤ ᠨᠢᠭᠦᠯᠡᠰᠦᠩᠭᠦᠢ ᠰᠠᠤᠠᠭᠢᠯ ᠶᠢᠡᠷ ᠢᠯᠡᠷᠡᠭᠦ ᠣᠬᠠᠭᠠᠨ ᠪᠤᠯᠤᠨ᠎ᠡ᠃ ᠡᠯᠪᠠᠷᠢᠯ ᠡᠯᠢᠭᠡᠨ ᠳᠡᠭᠡᠨ ᠭᠡᠳᠡᠭ᠌ ᠪᠣᠶᠤ᠃
7. ᠡᠪ ᠡᠶ᠎ᠡ ᠶᠢᠨ ᠭᠦᠰᠡᠯ᠄ ᠴᠢᠩᠭᠢᠰ ᠬᠠᠭᠠᠨ ᠤ ᠰᠤᠷᠭᠠᠯ ᠳᠤ ᠡᠷᠳᠡᠮ ᠤᠨ ᠳᠡᠭᠡᠳᠤ ᠡᠪ ᠭᠡᠮᠡᠭ᠍ᠰᠡᠨ᠃ ᠡᠷᠳᠡᠮ ᠭᠡᠳᠡᠭ᠌ ᠨᠢ ᠵᠥᠪᠭᠡᠨ ᠨᠤᠮ ᠪᠢᠴᠢᠭ᠌ ᠢ ᠭᠡᠯᠡᠭ᠍ᠰᠡᠨ ᠪᠢᠰᠢ᠂ ᠭᠦᠮᠤᠨ ᠤ ᠣᠶᠤᠨ ᠣᠬᠠᠭᠠᠨ ᠤ ᠳᠡᠭᠡᠳᠤ ᠴᠢᠨᠠᠷ ᠢ ᠭᠡᠯᠡᠵᠡᠢ᠃ ᠳᠠᠷᠠ ᠨᠢ ᠨᠡᠢ᠌ᠭᠡᠮ ᠤᠨ ᠦᠵᠠᠯ ᠰᠠᠨᠠᠭᠠᠨ ᠤ ᠡᠪ ᠡᠶ᠎ᠡ ᠪᠣᠯᠬᠤ ᠶᠢ ᠭᠡᠯᠡᠪᠡ᠃ ᠡᠪ ᠶᠢᠡᠷ ᠪᠦᠳᠦᠭᠡᠵᠤ ᠡᠩᠭᠡ ᠪᠠᠷ ᠵᠢᠷᠭᠠᠨ᠎ᠠ᠂ ᠡᠪ ᠭᠡᠳᠡᠭ᠌ ᠭᠢᠵᠠᠭᠠᠷ ᠦᠭᠡᠶ᠂ ᠡᠷᠳᠡᠮ ᠭᠡᠳᠡᠭ᠌ ᠢᠷᠤᠭᠠᠷ ᠦᠭᠡᠶ᠂ ᠳᠦᠷᠤ ᠳᠦᠪᠰᠢᠨ ᠳᠦᠮᠠᠨ ᠠᠮᠤᠭᠤᠯᠠᠩ᠂ ᠡᠪᠯᠡᠭᠦᠯᠪᠠᠯ ᠡᠪᠠᠷ ᠳᠤᠭᠤᠷᠠᠢ ᠬᠤᠶᠠᠷ ᠴᠤ ᠨᠠᠢ᠌ᠯᠠᠨ᠎ᠡ᠃ ᠡᠪ ᠦᠭᠡᠶ ᠪᠣᠯ ᠡᠯᠢᠭᠡ ᠪᠦᠭᠡᠷ᠎ᠡ ᠬᠤᠶᠠᠷ ᠴᠤ ᠨᠡᠢ᠌ᠯᠡᠭᠦ ᠥᠭᠡᠢ ᠭᠡᠮᠡᠵᠦᠭᠦᠢ ᠃
8. ᠪᠣᠶᠠᠨ ᠤ ᠭᠦᠰᠡᠯ ᠄ ᠠᠮᠢᠳᠤᠷᠠᠬᠤ ᠶᠢᠨ ᠶᠤᠰᠤᠨ ᠤ ᠨᠢᠭᠡ ᠵᠦᠢ ᠨᠢ 《ᠪᠣᠶᠠᠡ》 ᠭᠡᠵᠤ ᠮᠤᠩᠭ᠋ᠤᠯ ᠭᠦᠮᠤᠨ ᠪᠢᠰᠢᠷᠠᠵᠤ ᠢᠷᠠᠵᠠᠢ᠃ ᠡᠨᠡ ᠪᠢᠰᠢᠷᠠᠯ ᠶᠢᠡᠷ ᠳᠦᠷᠤᠯᠭᠢ ᠶᠢᠨ ᠵᠠᠶᠠᠭ᠎ᠠ ᠪᠠᠷ ᠡᠳ᠋ᠯᠡᠭᠦ ᠵᠢᠷᠭᠠᠯ᠂ ᠡᠳ᠋ ᠮᠠᠯ ᠢ ᠪᠠᠶᠠᠵᠢᠭᠤᠯᠬᠤ ᠪᠣᠶᠠᠨ ᠭᠡᠵᠤ ᠦᠵᠠᠵᠤ ᠪᠠᠢ᠌ᠪᠠ᠃ ᠦᠷ᠎ᠠ ᠶᠢᠨ ᠪᠣᠶᠠᠨ ᠲᠡᠶ ᠭᠦᠮᠤᠨ ᠳᠤ ᠦᠷ᠎ᠠ ᠵᠠᠶᠠᠭᠠᠳᠠᠭ᠂ ᠦᠷᠢᠶ᠎ᠠ ᠶᠢᠨ ᠪᠣᠶᠠᠨ ᠲᠡᠶ ᠭᠦᠮᠤᠨ ᠳᠤ ᠣᠨᠠᠭ᠎ᠠ ᠵᠠᠶᠠᠭᠠᠳᠠᠭ᠃
9. ᠪᠠᠶᠠᠨ ᠤ ᠭᠦᠰᠡᠯ᠄ ᠮᠤᠩᠭ᠋ᠤᠯᠴᠤᠳ ᠶᠢᠷᠳᠢᠠᠴᠤ ᠶᠢᠨ ᠭᠤᠷᠪᠠᠨ ᠪᠣᠶᠡᠨᠳᠠᠨ ᠢ ᠡᠷᠳᠡᠮ ᠨᠤᠮ ᠳᠡᠭᠡᠳᠤ ᠪᠠᠶᠠᠨ᠂ ᠦᠷ᠎ᠠ ᠭᠡᠦᠭᠡᠤᠨ ᠳᠤᠮᠳᠠ ᠪᠠᠶᠠᠨ᠂ ᠡᠳ᠋ ᠭᠦᠷᠦᠩᠭᠡ ᠠᠳᠠᠭ ᠤᠨ ᠪᠠᠶᠠᠨ ᠭᠡᠳᠡᠭ᠌᠃ ᠡᠳ᠋ ᠭᠦᠷᠦᠩᠭᠡ ᠮᠠᠯ ᠰᠥᠷᠦᠭ᠌ ᠢ ᠪᠠᠶᠠᠨ ᠭᠡᠵᠤ ᠦᠵᠠᠨᠡ᠂ ᠪᠠᠶᠠᠨ ᠨᠢᠭᠡ ᠰᠢᠭᠤᠷᠭᠠᠨ ᠳᠤ᠂ ᠪᠠᠭᠠᠳᠤᠷ ᠨᠢᠭᠡ ᠰᠤᠮᠤᠨ ᠳᠤ ᠭᠡᠳᠡᠭ᠌ ᠃ ᠪᠠᠶᠠᠨ ᠭᠡᠭ᠍ᠴᠢ ᠮᠥᠩᠭᠡ ᠪᠣᠰᠤ᠂ ᠪᠠᠭᠠᠳᠤᠷ ᠭᠡᠭ᠍ᠴᠢ ᠥᠷᠭᠦᠯᠵᠢ ᠪᠢᠰᠢ᠃ ᠪᠠᠶᠠᠨ ᠭᠦᠮᠤᠨ ᠤ ᠭᠡᠷ ᠲᠤ ᠪᠢᠯᠳᠠᠤᠴᠢ ᠣᠯᠠᠨ ᠭᠡᠳᠡᠭ᠌᠃
ᠵᠤᠭᠢᠶᠠᠭᠴᠢ ᠶᠢᠨ ᠬᠠᠶᠢᠭ ᠄ ᠠᠷᠤ ᠬᠤᠷᠴᠢᠨ
ᠵᠤᠬᠢᠶᠠᠭᠴᠢ᠄ ᠪᠤ᠊ · ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 17272
ᠴᠠᠭ᠄ 2011 ᠤᠨ ᠤ 01 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ