☆ ᠡᠷᠳᠡᠨᠢᠪᠠᠭᠠᠨ᠎ᠠ
ᠭᠦᠭᠡ ᠮᠤᠩᠭ᠋ᠤᠯ ᠭᠡᠯᠡ ᠮᠢᠨᠢ
ᠭᠦᠭᠡ ᠮᠤᠩᠭ᠋ᠤᠯ ᠭᠡᠯᠡ ᠮᠢᠨᠢ ᠭᠦᠭᠡᠷᠭᠦ ᠴᠠᠭᠠᠨ ᠨᠠᠷᠠᠨ ᠪᠢᠯᠠ
ᠬᠡᠦᠬᠡᠳ ᠨᠢ ᠪᠢ ᠭᠦᠷ ᠪᠠᠶᠠᠷ ᠤᠨ ᠪᠣᠯᠪᠠᠰᠤᠷᠠᠯ ᠪᠢᠯᠠ
ᠭᠦᠭᠡ ᠮᠤᠩᠭ᠋ᠤᠯ ᠭᠡᠯᠡ ᠮᠢᠨᠢ ᠭᠦᠷᠭᠢᠷᠡᠭᠦ ᠳᠠᠯᠠᠢ ᠪᠢᠯᠠ
ᠭᠦᠭᠡᠷᠦᠭᠦᠨ ᠪᠢ ᠭᠦᠰᠡᠯ ᠤᠨ ᠵᠢᠭᠠᠬᠠᠨ ᠵᠠᠪᠢ ᠪᠢᠯᠠ
ᠭᠦᠭᠡ ᠮᠤᠩᠭ᠋ᠤᠯ ᠭᠡᠯᠡ ᠮᠢᠨᠢ ᠭᠦᠭᠡᠷᠡᠭᠦ ᠨᠤᠭᠤᠭᠠᠨ ᠠᠭᠤᠯᠠ ᠪᠢᠯᠠ
ᠭᠦᠭ᠍ᠰᠡᠭᠦ ᠪᠢ ᠬᠠᠵᠠᠭᠤ ᠳᠤ ᠨᠢ ᠣᠷᠭᠤᠭᠰᠠᠨ ᠬᠠᠢ᠌ᠯᠠᠰᠤ ᠪᠢᠯᠠ
ᠭᠦᠭᠡ ᠮᠤᠩᠭ᠋ᠤᠯ ᠭᠡᠯᠡ ᠮᠢᠨᠢ ᠦᠳᠡᠰᠢ ᠶᠢᠨ ᠳᠡᠨᠢᠭᠦᠨ ᠳᠡᠭ᠍ᠷᠢ ᠪᠢᠯᠠ
ᠬᠠᠨ᠎ᠠ ᠳᠤ ᠨᠢ ᠪᠢ ᠭᠢᠯᠠᠯᠵᠠᠨ ᠨᠢᠳᠦᠯᠡᠭᠦ ᠨᠢᠭᠡᠨ ᠣᠳᠤᠨ ᠪᠢᠯᠠ
ᠭᠦᠭᠡ ᠮᠤᠩᠭ᠋ᠤᠯ ᠭᠡᠯᠡ ᠮᠢᠨᠢ ᠭᠦᠷᠦᠰᠦᠳᠤ ᠠᠭᠤᠵᠢᠮ ᠳᠡᠯᠡᠭᠡᠢ ᠪᠢᠯᠠ
ᠬᠤᠷᠮᠤᠢ ᠳᠤ ᠨᠢ ᠪᠢ ᠬᠠᠯᠭᠢᠯᠠᠨ ᠨᠠᠢ᠌ᠭᠤᠬᠤ ᠨᠤᠭᠤᠭᠠᠨ ᠡᠪᠠᠰᠤ ᠪᠢᠯᠠ
ᠭᠦᠭᠡ ᠮᠤᠩᠭ᠋ᠤᠯ ᠭᠡᠯᠡ ᠮᠢᠨᠢ ᠳᠡᠭ᠍ᠷᠢ ᠶᠢᠨ ᠷᠠᠰᠢᠶᠠᠨ ᠬᠤᠷ᠎ᠠ ᠪᠢᠯᠠ
ᠬᠠᠷᠠᠭᠠᠨ ᠳᠤ ᠨᠢ ᠪᠢ ᠰᠡᠳᠭᠢᠯ ᠶᠢᠡᠨ ᠣᠭᠢᠶᠠᠬᠤ ᠰᠢᠯᠦᠭ᠌ ᠪᠢᠯᠠ
ᠭᠦᠭᠡ ᠮᠤᠩᠭ᠋ᠤᠯ ᠭᠡᠯᠡ ᠮᠢᠨᠢ ᠭᠦᠭᠡ ᠳᠤᠷᠭᠠᠨ ᠰᠠᠯᠭᠢᠨ ᠪᠢᠯᠠ
ᠡᠩᠭᠡᠷ ᠲᠤ ᠨᠢ ᠪᠢ ᠬᠠᠢ᠌ᠷ᠎ᠠ ᠪᠠᠨ ᠳᠡᠯᠭᠡᠭᠦ ᠮᠦᠷ ᠪᠢᠯᠠ
ᠭᠦᠭᠡ ᠮᠤᠩᠭ᠋ᠤᠯ ᠭᠡᠯᠡ ᠮᠢᠨᠢ ᠣᠷᠴᠢᠯᠠᠩ ᠤᠨ ᠳᠤᠳᠤᠨᠤ ᠭᠠᠯ ᠪᠢᠯᠠ
ᠬᠠᠯᠠᠭᠤᠨ ᠲᠦᠯᠤ ᠳᠤ ᠨᠢ ᠪᠢ ᠨᠠᠢ᠌ᠷ ᠶᠢᠡᠨ ᠡᠷᠴᠢᠭᠡᠭᠦ ᠰᠡᠳᠭᠢᠯ ᠪᠢᠯᠠ
ᠭᠦᠭᠡ ᠮᠤᠩᠭ᠋ᠤᠯ ᠭᠡᠯᠡ ᠮᠢᠨᠢ ᠴᠡᠩᠭᠡᠷ ᠳᠤᠩᠭ᠋ᠠᠯᠠᠭ ᠳᠡᠭ᠍ᠷᠢ ᠪᠢᠯᠠ
ᠭᠡᠭᠦᠳᠡᠭ᠌ ᠲᠤ ᠨᠢ ᠪᠢ ᠣᠯᠠᠷᠢᠯ ᠤᠨ ᠮᠦᠩᠭᠦᠨ ᠦᠰᠦᠭ᠌ ᠪᠢᠯᠠ
(ᠣᠷᠢᠬᠠᠨ ᠬᠠᠪᠣᠷ ᠪᠣᠯ ᠭᠢᠴᠢᠶᠡᠩᠭᠦᠢ ᠳᠢᠭ᠌ ᠶᠤᠮ
ᠨᠤᠭᠤᠭᠠᠨ ᠵᠤᠨ ᠪᠣᠯ ᠵᠠᠪᠰᠠᠷ ᠤᠨ ᠳᠢᠭ᠌ ᠶᠤᠮ
ᠠᠯᠳᠠᠨ ᠨᠠᠮᠤᠷ ᠪᠣᠯ ᠭᠦᠶᠦᠯᠭᠡᠨ ᠳᠢᠭ᠌ ᠶᠤᠮ
ᠭᠦᠢᠳᠡᠨ ᠡᠪᠦᠯ ᠪᠣᠯ ᠳᠠᠳᠠᠯᠭᠠᠨ ᠳᠢᠭ᠌ ᠶᠤᠮ)
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 14103
ᠴᠠᠭ᠄ 2013 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ