☆ ᠠᠰᠬ᠎ᠠ ᠶᠢᠨ ᠣᠰᠤ
ᠰᠡᠷᠭᠦᠯᠡᠩ ᠠᠪᠬᠠᠯᠵᠢ ᠲᠡᠶ ᠳᠠᠷᠠ ᠭᠡᠦᠭᠡᠨ
ᠰᠤᠭᠣᠢ᠌ᠭᠰᠠᠨ ᠭᠠᠯᠪᠢᠷ ᠦᠨᠳᠦᠷ ᠪᠠᠶ᠎ᠠ ᠳᠠᠢ
ᠰᠠᠷᠠᠨ ᠳᠠᠭᠢᠨᠢ ᠶᠢ ᠢᠴᠢᠭᠡᠮᠡᠷ ᠥᠵᠡᠰᠭᠦᠯᠡᠩ
ᠰᠡᠷᠭᠦᠯᠡᠩ ᠠᠪᠬᠠᠯᠵᠢ ᠲᠡᠶ ᠳᠠᠷᠠ ᠭᠡᠦᠭᠡᠨ
ᠬᠠᠢ᠌ᠷ᠎ᠠ ᠰᠡᠳᠭᠢᠯ ᠤᠨ ᠭᠦᠪᠴᠢ ᠶᠢ ᠴᠢᠪᠬᠠᠳᠠᠨ᠎ᠠ᠃
ᠴᠯᠮᠠᠩ ᠨᠢᠳᠤ ᠳᠤᠩᠭ᠋ᠠᠯᠠᠭ ᠬᠠᠷᠠᠴᠠ ᠳᠠᠢ
ᠴᠡᠴᠡᠭ᠌ ᠬᠤᠸᠠᠷ ᠢ ᠭᠤᠳᠤᠭᠠᠮᠠᠷ ᠭᠤᠶᠤᠬᠠᠨ
ᠴᠡᠭᠡᠯᠭᠡᠨ ᠬᠤᠭᠤᠯᠠᠢ ᠲᠡᠶ ᠳᠠᠷᠠ ᠭᠡᠦᠭᠡᠨ
ᠳᠤᠷ᠎ᠠ ᠭᠦᠰᠡᠯ ᠤᠨ ᠪᠠᠬᠠᠷᠬᠠᠯ ᠢ ᠳᠠᠳᠠᠨ᠎ᠠ᠃
ᠣᠶᠠᠩᠭ᠋ᠠᠬᠠᠨ ᠡᠭᠡᠰᠢᠭᠯᠡᠭᠦ ᠬᠤᠭᠤᠯᠠᠢ ᠨᠢ
ᠣᠷᠠᠨ ᠪᠣᠯᠵᠤᠮᠤᠷ ᠲᠡᠶ ᠮᠥᠴᠡᠭᠡᠷᠭᠡᠮᠡᠷ
ᠣᠷᠳᠤ ᠬᠠᠷ᠎ᠠ ᠭᠡᠵᠢᠭᠡ ᠨᠢ
ᠣᠷᠤᠰᠤᠮᠠᠯ ᠭᠦᠷᠭᠢᠷ᠎ᠡ ᠲᠡᠶ ᠡ᠊ᠨᠳᠡᠭᠦᠷᠡᠮᠡᠷ᠃
ᠣᠳᠠᠨ ᠨᠠᠪᠴᠢᠨ ᠭᠦᠮᠦᠰᠭᠡ ᠨᠢ
ᠭᠦᠷᠢ ᠬᠤᠷᠤᠬᠠᠢ ᠠᠳᠠᠭᠠᠷᠬᠠᠮᠠᠷ᠂
ᠣᠯᠠᠭᠠᠨ ᠰᠢᠩᠬᠤᠨ ᠣᠷᠤᠭᠤᠯ ᠨᠢ
ᠠᠭᠤᠯᠠᠨ ᠰᠠᠷᠠᠯᠠᠩ ᠪᠠᠬᠠᠷᠬᠠᠮᠠᠷ᠃
ᠣᠰᠬᠠᠯ ᠳᠤᠩᠭ᠋ᠠᠯᠠᠭ ᠬᠤᠶᠠᠷ ᠨᠢᠳᠤᠨ ᠡᠴᠡ ᠨᠢ
ᠣᠶᠤᠨ ᠪᠢᠯᠢᠭ᠌ ᠤᠨ ᠣᠴᠢ ᠭᠢᠯᠠᠯᠵᠠᠨ᠎ᠠ᠂
ᠣᠯᠠᠭᠠᠨ ᠪᠣᠠᠳᠤᠭᠤᠷ ᠬᠤᠶᠠᠷ ᠬᠠᠴᠠᠷ ᠡᠴᠡ ᠨᠢ
ᠣᠬᠠᠭ᠎ᠠ ᠳᠠᠮᠢᠷ ᠤᠨ ᠣᠯᠠᠭ᠎ᠠ ᠪᠣᠳᠠᠷᠠᠨ᠎ᠠ᠃
ᠣᠰᠤᠨ ᠪᠣᠯᠤᠷ ᠬᠤᠶᠠᠷ ᠨᠢᠳᠤ ᠨᠢ
ᠠᠪᠬᠠᠯᠵᠢ ᠰᠡᠷᠭᠦᠯᠡᠩ ᠮᠠᠯᠮᠠᠯᠵᠠᠨ ᠳᠤᠷᠮᠤᠯᠵᠠᠭᠠᠤᠨ
ᠣᠴᠠᠷᠠᠵᠤ ᠵᠤᠯᠭᠠᠭᠰᠠᠨ ᠭᠦᠮᠤᠨ ᠪᠣᠯᠭᠠᠨ ᠳᠠᠢ
ᠣᠶᠠᠬᠠᠨ ᠳᠠᠭᠤᠨ ᠶᠢᠡᠷ ᠬᠠᠯᠠᠭᠤᠮᠰᠤᠭ ᠮᠠᠠᠳᠤᠴᠢᠯᠠᠨᠡ᠃
ᠣᠯᠢᠶᠠᠷᠬᠠᠭ ᠳᠦᠷᠦᠭ᠍ᠰᠡᠨ ᠣᠰᠬᠠᠯ ᠬᠠᠷᠠᠴᠠ ᠳᠠᠢ
ᠠᠪᠬᠠᠯᠵᠢ ᠰᠡᠷᠭᠦᠯᠡᠩ ᠳᠠᠷᠠ ᠭᠡᠦᠭᠡᠨ
ᠣᠴᠷᠠᠭᠰᠠᠨ ᠪᠣᠯᠭᠠᠨ ᠤ ᠱᠠᠭᠰᠢᠯ ᠢ ᠣᠯᠵᠤ
ᠠᠭᠢᠭᠠᠤᠨ ᠠᠭᠤᠯᠵᠠᠬᠤ ᠶᠢᠨ ᠭᠦᠰᠡᠯ ᠭᠡᠵᠢᠭᠡᠳᠡᠨ᠎ᠡ ︕
ᠵᠤᠬᠢᠶᠠᠭᠴᠢ ᠶᠢᠨ ᠬᠠᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ
ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2011 ᠤᠨ ᠤ 07 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ