☆ ᠵᠢᠯᠠᠮ·ᠮᠠᠠᠳᠤᠪᠠᠶᠠᠷ
ᠣᠩᠭ᠋ᠤᠳ ᠤᠨ ᠳᠠᠯᠠᠯᠭ᠎ᠠ
᠊᠊᠊᠊᠊᠊᠊᠊᠊᠊᠊᠊᠊᠊᠊ ᠨᠠ᠊·ᠰᠠᠢ᠌ᠠᠴᠤᠭᠳᠤ ᠶᠢᠨ ᠰᠢᠯᠢ ᠶᠢᠨ ᠬᠤᠳᠠ ᠳ᠋ᠠᠭᠢ ᠭᠦᠰᠢᠶᠡᠨ ᠳᠤ ᠮᠥᠷᠭᠦᠪᠡ
ᠭᠡᠭᠡᠷ᠎ᠡ ᠶᠢᠨ ᠰᠡᠷᠢᠭᠦᠨ ᠰᠠᠯᠭᠢ ᠶᠢ
ᠡᠩᠭᠡᠷ ᠤᠨ ᠶᠢᠡᠨ ᠵᠢᠪᠠᠷ ᠶᠢᠡᠷ ᠮᠠᠳᠠᠷᠠᠵᠤ
ᠭᠡᠳᠤ ᠴᠡᠩᠭᠡᠷ ᠭᠦᠰᠡᠯ ᠳ᠋ᠤ
ᠡᠷᠡᠤ ᠳᠠᠷᠤᠨ ᠪᠣᠳᠤᠯᠭᠠᠰᠢᠷᠠᠵᠤ
ᠢᠷᠠᠭᠤ ᠨᠠᠢ᠌ᠷᠠᠭ ᠤᠨ ᠳᠤᠬᠠᠢ
ᠣᠩᠭ᠋ᠤᠳ ᠡᠷᠢᠨ ᠭᠦᠯᠭᠦᠭ᠍ᠰᠡᠭᠡᠷ
ᠶᠡᠭᠡ ᠰᠢᠯᠦᠭ᠍ᠴᠢ ᠶᠢᠨ ᠭᠦᠰᠢᠶᠡᠨ ᠳᠤᠤᠷ᠎ᠠ ᠪᠢ
ᠦᠪᠡᠷ ᠤᠨ ᠡᠷᠭᠡ ᠦᠭᠡᠶ ᠣᠴᠢᠪᠠ᠃
ᠳᠡᠭ᠍ᠷᠢ ᠰᠢᠷᠳᠡᠭ᠍ᠰᠡᠨ ᠳᠦᠷᠢ ᠨᠢ
ᠰᠠᠷ᠎ᠠ ᠶᠢ ᠭᠦᠯᠢᠶᠡᠭᠡ ᠴᠤ ᠪᠣᠯᠪᠠᠤ︖
ᠳᠤᠯᠢᠨ ᠰᠢᠷᠭᠠᠯ ᠨᠠᠷᠠ ᠵᠢ
ᠰᠢᠯᠦᠭᠯᠡᠵᠤ ᠪᠢᠴᠢᠭᠡ ᠴᠤ ᠪᠣᠯᠪᠠᠤ︖
ᠭᠠᠠᠳᠢᠭ ᠴᠢᠯᠠᠭᠤᠨ ᠰᠠᠢ᠌ᠯᠤᠮᠠᠯ ᠤᠨ
ᠠᠭᠤᠯᠠ ᠰᠢᠭ ᠰᠠᠭᠤᠳᠠᠯ ᠳᠤ ᠵᠠᠯᠠᠷᠠᠵᠤ
ᠭᠠᠷ ᠲᠤ ᠪᠠᠨ ᠪᠠᠷᠢᠭᠰᠠᠨ ᠪᠢᠷ ᠤᠨ ᠵᠢᠠᠨ
ᠠᠮᠠᠰᠠᠷ ᠢ ᠰᠤᠭᠤᠯᠤᠨ ᠥᠵᠦᠭᠯᠡᠵᠤ
ᠰᠥᠭᠦᠮ ᠵᠤᠵᠠᠭᠠᠨ ᠨᠤᠮ ᠤᠨ ᠵᠢᠠᠨ
ᠬᠠᠭᠤᠳᠠᠰᠤ ᠶᠢ ᠳᠡᠯᠭᠡᠨ ᠳᠠᠯᠠᠯᠵᠤ
ᠰᠢᠯᠦᠭ᠌ ᠨᠠᠢ᠌ᠷᠠᠭ ᠤᠨ ᠪᠠᠳᠠᠭ ᠤᠳ ᠵᠢᠠᠨ
ᠣᠶᠠᠩᠭ᠋ᠠᠯᠠᠵᠤ ᠪᠠᠢ᠌ᠬᠤ ᠰᠢᠭ ᠥᠵᠡᠭ᠍ᠳᠡᠨ᠎ᠡ᠃
ᠠᠮᠢᠳᠤ ᠰᠡᠷᠡᠭᠦᠨ ᠪᠠᠢ᠌ᠬᠤ ᠳᠤ ᠨᠢ
ᠠᠭᠤᠯᠵᠠᠵᠤ ᠴᠢᠳᠠᠭ᠎ᠠ ᠦᠭᠡᠶ ᠴᠤ ᠳᠠᠨᠢᠯᠬᠠᠨ
ᠠᠯᠳᠠᠨ ᠪᠣᠳᠤᠷᠤᠤᠯ ᠢ ᠨᠢ ᠪᠦᠭᠦᠨ ᠢ
ᠣᠩᠰᠢᠵᠤ ᠪᠠᠷᠠᠭᠠᠳᠤᠢ ᠴᠤ ᠳᠠᠰᠤᠯᠬᠠᠨ
ᠠᠯᠳᠠᠷᠳᠤ ᠨᠠᠢ᠌ᠷᠠᠭᠴᠢ ᠮᠢᠨᠢ᠂ ᠳᠠᠷᠠ ᠯᠠ ᠭᠡᠪ ᠵᠢᠠᠷ
ᠳᠡᠭ᠍ᠷᠢ ᠰᠢᠷᠳᠠᠵᠤ ᠰᠠᠭᠤᠬᠤ ᠨᠢ
ᠠᠯᠳᠠᠨ ᠨᠠᠰᠤ ᠪᠠᠨ ᠳᠤᠷᠠᠰᠬᠤ ᠰᠢᠭ
ᠳᠡᠨᠢᠭᠦᠨ ᠵᠢᠷᠭᠠᠯ ᠲᠡᠶ ᠬᠠᠷᠠᠭᠳᠠᠨ᠎ᠠ᠃
ᠣᠶᠠᠩᠭ᠋᠎ᠠ ᠳᠤ ᠬᠠᠢ᠌ᠷᠠᠳᠠᠢ ᠦᠬᠢᠳ ᠢ
ᠣᠠᠳᠠᠬᠤ ᠨᠣᠢ᠌ᠷᠤᠨ ᠳᠤ ᠨᠢ ᠵᠡᠭᠦᠳᠦᠯᠡᠭᠦᠯᠵᠤ
ᠣᠷᠤᠰ ᠤᠨ ᠶᠡᠭᠡ ᠰᠢᠯᠦᠭ᠍ᠴᠢ ᠵᠢ
ᠠᠭᠤᠯᠵᠠᠬᠤ ᠭᠡᠮᠡᠨ ᠮᠥᠷᠦᠭᠡᠳᠦᠭᠦᠯᠵᠤ
ᠣᠷᠭᠢᠬᠤ ᠳᠤᠷᠠᠳᠠᠢ ᠪᠢᠳᠠᠨ ᠳᠤ ᠪᠠᠨ
ᠮᠠᠨ ᠤ ᠭᠢ ᠭᠡᠮᠡᠨ ᠮᠠᠭᠳᠠᠭᠤᠯᠵᠤ
ᠠᠳᠠᠭᠠᠴᠢ ᠰᠢᠨᠤᠬᠠᠢ ᠵᠠᠷᠢᠮ ᠳᠤ ᠨᠢ
ᠮᠠᠯᠴᠢᠨ ᠭᠡᠮᠡᠨ ᠮᠠᠭᠤᠯᠠᠭᠤᠯᠵᠤ
ᠶᠠᠷᠤ ᠳᠤ ᠪᠠᠨ ᠳᠡᠭ᠍ᠰᠢ ᠦᠭᠡᠶ ᠬᠤᠷᠸ᠎ᠠ ᠵᠢ
ᠶᠠᠯ᠎ᠠ ᠲᠡᠶ᠂ ᠨᠢᠭᠦᠯ ᠲᠡᠶ ᠨᠢ ᠳᠤᠭᠤᠯᠵᠤ ᠭᠠᠷᠤᠭᠰᠠᠨ
ᠵᠠᠶᠠᠭ᠎ᠠ ᠪᠠᠷ ᠳᠠᠭᠠᠷᠠᠭᠰᠠᠨ ᠠᠮᠢᠳᠤᠷᠠᠯ ᠵᠢᠠᠨ
ᠵᠢᠷᠭᠠᠯ ᠲᠡᠶ᠂ ᠵᠤᠪᠠᠯᠠᠩ ᠲᠡᠶ ᠨᠢ ᠳᠠᠭᠤᠯᠠᠵᠤ ᠶᠠᠪᠣᠭᠰᠠᠨ
ᠵᠠᠭᠤᠨ ᠵᠢᠯ ᠠᠮᠢᠳᠤᠷᠠᠭ᠎ᠠ ᠦᠭᠡᠶ ᠴᠤ
ᠮᠢᠩᠭ᠋ᠠᠨ ᠵᠢᠯ ᠳᠤ ᠮᠠᠷᠳᠠᠭᠳᠠᠬᠤ ᠪᠠᠷ ᠥᠭᠡᠢ
ᠵᠤᠨ ᠣᠯᠠᠨ ᠤ ᠪᠠᠨ ᠰᠡᠳᠭᠢᠯ ᠳ᠋ᠤ
ᠮᠥᠩᠭᠡ ᠶᠢᠨ ᠰᠢᠯᠦᠭ᠌ ᠪᠢᠴᠢᠭ᠍ᠰᠡᠨ
ᠨᠠᠢ᠌ᠷᠠᠭ ᠤᠨ ᠳᠡᠭ᠍ᠷᠢ ᠳᠠᠢ
ᠨᠠᠷᠮᠠᠢ ᠮᠤᠩᠭ᠋ᠤᠯ ᠤᠨ ᠵᠠᠶᠠᠭ᠎ᠠ ᠳᠠᠢ
ᠨᠠ᠊·ᠰᠠᠢ᠌ᠨ ᠤ ᠭᠦᠰᠢᠶᠡᠨ ᠳᠤᠤᠷ᠎ᠠ ᠪᠢ
ᠨᠠᠢ᠌ᠷᠠᠭ ᠭᠤᠶᠤᠬᠤ ᠪᠠᠷ ᠣᠴᠢᠪᠠ ᠦᠦ︖
ᠨᠠᠢ᠌ᠷᠠᠭ ᠰᠢᠯᠦᠭ᠌ ᠬᠠᠢ᠌ᠷᠠᠯᠠᠬᠤ ᠪᠠᠷ
ᠨᠠᠳᠠ ᠶᠢ ᠳᠠᠯᠳᠠ ᠡᠴᠡ ᠳᠠᠭᠤᠳᠠᠪᠠ ᠦᠦ︖
ᠭᠡᠭᠡᠷ᠎ᠡ ᠶᠢᠨ ᠰᠡᠷᠢᠭᠦᠨ ᠰᠠᠯᠭᠢ ᠵᠢ
ᠡᠩᠭᠡᠷ ᠤᠨ ᠶᠢᠡᠨ ᠵᠢᠪᠠᠷ ᠶᠢᠡᠷ ᠮᠠᠳᠠᠷᠠᠵᠤ
ᠭᠡᠳᠤ ᠴᠡᠩᠭᠡᠷ ᠭᠦᠰᠡᠯ ᠳ᠋ᠤ
ᠡᠷᠡᠤ ᠳᠠᠷᠤᠨ ᠪᠣᠳᠤᠯᠭᠠᠰᠢᠷᠠᠵᠤ
ᠢᠷᠠᠭᠤ ᠨᠠᠢ᠌ᠷᠠᠭ ᠤᠨ ᠳᠤᠬᠠᠢ
ᠣᠩᠭ᠋ᠤᠳ ᠡᠷᠢᠨ ᠭᠦᠯᠭᠦᠭ᠍ᠰᠡᠭᠡᠷ
ᠶᠡᠭᠡ ᠰᠢᠯᠦᠭ᠍ᠴᠢ ᠶᠢᠨ ᠭᠦᠰᠢᠶᠡᠨ ᠳᠤᠤᠷ᠎ᠠ ᠪᠢ
ᠦᠪᠡᠷ ᠤᠨ ᠡᠷᠭᠡ ᠦᠭᠡᠶ ᠣᠴᠢᠳᠠᠭ ᠡ︕
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2009 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ