☆ ᠷ·ᠲᠦᠮᠡᠠᠦ᠌ᠯᠵᠠᠢ
ᠭᠤᠪᠢ ᠶᠢᠨ ᠰᠢᠷᠭᠠᠯ ᠵᠠᠮ
ᠭᠤᠪᠢ ᠨᠤᠳᠤᠭ ᠤᠨ ᠮᠢᠨᠢ ᠰᠢᠷᠭᠠᠯ ᠠᠯᠳᠠᠨ ᠵᠠᠮ ᠡ ︕
ᠭᠤᠤᠯ ᠵᠢᠷᠦᠭᠡᠨ ᠤ ᠮᠢᠨᠢ ᠰᠢᠳᠢᠳᠤ ᠶᠤᠩᠬᠤᠷ ᠴᠤᠯᠪᠣᠭᠤᠷ ᠶᠤᠮ᠂
ᠭᠤᠷᠢᠰ ᠭᠤᠷᠢᠰ ᠮᠤᠷᠤᠢ ᠪᠠᠢ᠌ᠭᠰᠠᠨ ᠴᠤ ᠶᠠᠭᠠᠭᠢᠪ
ᠭᠣᠢ᠌ᠭᠤᠰ ᠭᠣᠢ᠌ᠭᠤᠰ ᠪᠢ ᠪᠠᠷᠳᠠᠮ ᠠᠯᠬᠤᠳᠠᠭ ᠶᠤᠮ ︕
ᠭᠦᠰᠡᠯ ᠮᠦᠷᠦᠭᠡᠳᠦᠯ ᠤᠨ ᠮᠢᠨᠢ ᠭᠣᠢ᠌ᠳᠠ ᠰᠠᠷᠠᠭᠤᠯ ᠰᠡᠳᠭᠢᠯ ᠢ
ᠭᠦᠳᠦᠯᠦᠭᠡᠳ ᠳᠠᠷᠠ ᠣᠷᠳᠤ ᠡᠴᠠ ᠣᠷᠳᠤ ᠵᠤᠷᠠᠢ᠌ᠬᠤ ᠳᠤ
ᠭᠦᠷ ᠪᠠᠶᠠᠷ ᠤᠨ ᠬᠤᠷᠳᠤᠨ ᠰᠢᠷᠭ᠎ᠠ ᠭᠦᠯᠦᠭ᠌ ᠢ ᠴᠢᠨᠢ
ᠭᠦᠳᠦᠯᠦᠭᠡᠳ ᠪᠢ ᠦᠨᠳᠠᠰ ᠦᠨᠳᠠᠰ ᠵᠢᠷᠤᠭᠠᠭᠤᠯᠤᠭᠰᠠᠭᠠᠷ ᠰᠢᠤ ︕
ᠭᠡᠭᠡ ᠳᠤᠸᠠᠯᠠᠭᠰᠠᠨ ᠴᠢᠨᠤ ᠳᠡᠷᠳᠡᠭᠡ ᠡᠭᠢᠨ ᠳᠤ
ᠭᠡᠰᠢᠭ᠌ ᠵᠢᠷᠭᠠᠯ ᠤᠨ ᠦᠯᠵᠡᠢ ᠪᠠᠯᠭᠡ ᠪᠠᠷ ᠪᠢᠯᠬᠠᠬᠤ ᠶᠤᠮ᠃
ᠭᠡᠢ ᠳᠠᠳᠠᠭᠤᠯᠤᠭᠰᠠᠨ ᠮᠢᠨᠤ ᠳᠠᠪᠭᠢᠭᠠᠨ ᠤ ᠥᠵᠦᠭᠦᠷ ᠲᠤ
ᠭᠡᠷᠡᠯ ᠰᠠᠴᠤᠷᠠᠭᠰᠠᠨ ᠭᠤᠪᠢ ᠶᠢᠨ ᠮᠢᠨᠢ ᠮᠠᠷᠭᠠᠰᠢ ᠳᠠᠯᠠᠯᠬᠤ ᠶᠤᠮ᠃
ᠭᠣᠢ᠌ᠳᠠ ᠰᠠᠢ᠌ᠬᠠᠨ ᠶᠢᠡᠷ ᠶᠢᠡᠨ ᠬᠤᠷᠸ᠎ᠠ ᠶᠢᠷᠳᠢᠠᠴᠤ ᠳᠤ ᠬᠤᠤᠰ ᠦᠭᠡᠶ
ᠭᠤᠯᠤᠮᠳᠠ ᠪᠣᠯᠤᠭᠰᠠᠨ ᠮᠤᠩᠭ᠋ᠤᠯ ᠨᠤᠳᠤᠭ ᠤᠨ ᠶᠢᠡᠨ ᠮᠦᠰᠢᠶᠠᠯᠳᠠ ᠳᠤ
ᠭᠤᠪᠢ ᠶᠢᠨ ᠶᠢᠡᠨ ᠰᠢᠷᠭᠠᠯ ᠠᠯᠳᠠᠨ ᠵᠠᠮ ᠶᠢᠡᠷ ᠪᠢ
ᠭᠣᠢ᠌ᠪᠢᠰᠢ ᠦᠭᠡᠶ ᠭᠡᠵᠢᠶᠡᠳᠡ ᠣᠷᠤᠭᠰᠢ ᠪᠠᠨ ᠳᠡᠮᠡᠤᠯᠡᠭᠦ ᠶᠤᠮ ︕
1982 ᠣᠨ ᠤ ᠬᠠᠪᠣᠷ ᠬᠦᠬᠡᠬᠤᠲᠠ
ᠵᠤᠬᠢᠶᠠᠭᠴᠢ ᠶᠢᠨ ᠬᠠᠶᠢᠭ ᠄ ᠣᠷᠳᠤᠰ ᠨᠠᠮ ᠤᠨ ᠰᠤᠷᠭᠠᠭᠤᠯᠢ
ᠵᠤᠬᠢᠶᠠᠭᠴᠢ᠄ ᠷ·ᠲᠦᠮᠡᠠᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2678
ᠴᠠᠭ᠄ 2012 ᠤᠨ ᠤ 02 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ