ᠨᠡᠪᠲᠡᠷᠡᠨ ᠤᠷᠤᠬᠤ
ᠪᠠᠭ᠎ᠠ ᠨᠠᠰᠤᠨ ᠤ ᠳᠤᠷᠠᠰᠤᠮᠵᠢ

1

ᠬᠠᠷᠠᠰᠤ ᠬᠤᠭᠤᠯᠠ ᠪᠠᠷ ᠠᠮᠢ ᠭᠤᠤᠯ ᠵᠠᠯᠭᠠᠳᠠᠭ

ᠬᠠᠳᠠᠭᠤᠬᠠᠨ ᠳᠠᠷᠠ ᠵᠢᠷᠠᠭᠠᠤᠨ ᠣᠨ ᠳᠤ

ᠬᠤᠷᠸ᠎ᠠ ᠳᠤ ᠢᠯᠡᠭᠦᠤ ᠨᠢᠭᠡ ᠠᠮᠢ ᠨᠠᠮᠠᠵᠤ

ᠭᠦᠭᠡᠷᠦᠭᠦᠢ ᠪᠢ ᠢᠷᠡᠭ᠍ᠰᠡᠨ ᠪᠢᠯᠠ᠃

2

ᠳᠠᠷᠳᠠᠴᠢᠭᠰᠠᠨ ᠭᠠᠵᠠᠷ ᠶᠢᠡᠷ ᠡᠷᠭᠢᠴᠡᠳᠡᠭ᠌

ᠠᠠᠵᠢᠰᠤᠨ ᠥᠭᠡᠷ ᠤᠨ ᠳᠤᠷᠠᠬᠤ ᠶᠢ ᠨᠢ ᠬᠠᠷᠠᠵᠤ

ᠳᠠᠮᠢᠷᠯᠢᠭ ᠪᠠᠶ᠎ᠠ ᠪᠠᠨ ᠴᠥᠯᠡᠳᠡᠭ᠌

ᠠᠴᠢᠳᠤ ᠡᠪᠦᠭᠡ ᠶᠢᠨ ᠶᠢᠡᠨ ᠨᠠᠰᠤᠵᠢᠬᠤ ᠶᠢ ᠨᠢ ᠦᠵᠡᠵᠤ

ᠣᠬᠠᠭᠠᠷᠠᠬᠤ ᠳᠠᠭᠠᠨ ᠪᠢ

ᠳᠠᠯᠠᠩ ᠲᠡᠶ ᠳᠠᠷᠢᠶ᠎ᠠ ᠭᠡᠢ᠌ᠰᠤᠨ

ᠮᠠᠩᠬ᠎ᠠ ᠪᠣᠯᠬᠤ ᠳ᠋ᠤᠨᠢ ᠪᠠᠴᠢᠮᠳᠠᠵᠤ

ᠳᠠᠶ‍ᠢᠭ ᠴᠢᠷᠦᠭ᠍ᠰᠡᠨ ᠡᠪᠦᠭᠡ ᠶᠢᠨ ᠶᠢᠡᠨ

ᠮᠠᠭᠤᠵᠢᠷᠠᠵᠤ ᠡᠴᠡᠭᠦ ᠳ᠋ᠤᠨᠢ ᠵᠤᠪᠠᠵᠤ

ᠰᠡᠭᠦᠷᠡᠰᠤ ᠠᠯᠳᠠᠳᠠᠭ ᠪᠠᠢ᠌ᠯ᠎ᠠ᠃

3

ᠥᠰᠭᠦ ᠨᠠᠰᠤ ᠶᠢ ᠳᠤᠯᠠᠭᠠᠯᠠᠭᠰᠠᠭᠠᠷ ᠢᠷᠡᠭ᠍ᠰᠡᠨ

ᠡᠪᠦᠭᠡ ᠶᠢᠨ ᠬᠠᠯᠠᠭᠤᠨ ᠡᠪᠦᠷ

ᠦᠳᠡᠰᠢ ᠶᠢᠨ ᠬᠠᠷᠠᠩᠭ᠋ᠤᠢ ᠳᠤ ᠵᠠᠢ᠌ᠳᠠᠭᠰᠠᠭᠠᠷ

ᠡᠭᠦᠯᠡᠨ ᠳᠤ ᠳᠠᠯᠳᠠᠯᠠᠬᠤ ᠰᠢᠭ ᠪᠣᠯᠬᠤ ᠪᠠᠷ

ᠣᠤᠯᠭ᠎ᠠ ᠠᠯᠳᠠᠨ ᠬᠠᠰᠭᠢᠴᠠᠳᠠᠭ ᠮᠢᠨᠢ

ᠣᠠᠳᠠᠭᠰᠠᠨ ᠦᠶᠡᠰ ᠤᠨ ᠵᠡᠭᠦᠳᠤ ᠪᠠᠢ᠌ᠬᠤ ᠳ᠋ᠤᠨᠢ

ᠰᠠᠨᠠᠭ᠎ᠠ ᠠᠭᠤᠵᠢᠷᠠᠨ ᠪᠠᠶᠠᠰᠳᠠᠭ ᠪᠠᠢ᠌ᠯ᠎ᠠ᠃


ᠵᠤᠬᠢᠶᠠᠭᠴᠢ ᠶᠢᠨ ᠬᠠᠶ‍ᠢᠭ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ᠊·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 07 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ