ᠨᠡᠪᠲᠡᠷᠡᠨ ᠤᠷᠤᠬᠤ
《ᠪᠤᠲᠤᠭᠤᠨ ᠠᠷᠠᠰᠤᠨ ᠲᠡᠷᠯᠢᠭ᠌》 ᠊ᠤᠨ ᠲᠤᠬᠠᠢ ᠬᠦᠦᠷᠨᠢᠯ

ᠰᠤᠨᠢᠨ ᠣᠩᠰᠢᠵᠤ ᠰᠠᠭᠤᠬᠤ ᠵᠠᠭᠤᠷ᠎ᠠ 《ᠰᠢᠯᠢ ᠶᠢᠨ ᠭᠤᠤᠯ ᠤᠨ ᠡᠳᠦᠷ ᠤᠨ ᠰᠤᠨᠢᠨ》 ᠊ᠤ 2009 ᠣᠨ ᠤ 9 ᠳ᠋ᠦᠭᠡᠷ ᠰᠠᠷ᠎ᠠ ᠶᠢᠨ 8 ᠤ ᠡᠳᠦᠷ ᠤᠨ 3 ᠳ᠋ᠤᠭᠠᠷ ᠨᠢᠭᠤᠷ ᠳᠠᠭᠢ 《ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠬᠤᠭᠤᠴᠠᠭᠠᠨ ᠤ ᠦᠨᠳᠦᠰᠦᠳᠠᠨ ᠤ ᠬᠤᠪᠴᠠᠰᠤ ᠵᠠᠰᠠᠯ ᠪᠣᠯᠤᠨ ᠭᠠᠷ ᠣᠷᠠᠯᠠᠯ ᠤᠨ ᠪᠦᠳᠦᠭᠡᠯ ᠤᠨ ᠣᠷᠤᠯᠳᠤᠭᠠᠨ》 ᠊ᠢ ᠳᠡᠮᠳᠡᠭᠯᠡᠭ᠍ᠰᠡᠨ ᠵᠢᠷᠤᠭᠳᠤ ᠮᠡᠳᠡᠭᠡᠯᠡᠯ ᠡᠴᠠ ᠨᠢᠭᠡᠳᠦᠭᠡᠷ ᠲᠤ ᠣᠷᠤᠭᠰᠠᠨ 《ᠪᠣᠳᠤᠭᠤᠨ ᠠᠷᠠᠰᠤᠨ ᠳᠡᠷᠯᠢᠭ᠌》 ᠊ᠤᠨ ᠳᠤᠬᠠᠢ ᠭᠡᠳᠤᠨ ᠥᠭᠡ ᠭᠡᠯᠡᠭᠦ ᠪᠣᠯᠤᠯ᠎ᠠ᠃

ᠮᠤᠩᠭ᠋ᠤᠯ ᠬᠤᠪᠴᠠᠰᠤ ᠵᠠᠰᠠᠯ ᠨᠢ ᠮᠤᠩᠭ᠋ᠤᠯᠴᠤᠳ ᠤᠨ ᠦᠨᠢ ᠣᠳᠠᠭᠠᠨ ᠤ ᠨᠡᠭᠦᠳᠡᠯ ᠮᠠᠯᠵᠢᠯ ᠤᠨ ᠠᠮᠢᠳᠤᠷᠠᠯ ᠤᠨ ᠶᠠᠪᠣᠴᠠ ᠳᠤ ᠪᠠᠨ ᠦᠪᠡᠷᠰᠠᠤᠨ ᠤᠨ ᠶᠢᠡᠨ ᠠᠮᠢᠳᠤᠷᠠᠯ ᠤᠨ ᠵᠢᠮ᠎ᠠ ᠬᠠᠤᠯᠢ᠂ ᠳᠦᠷᠪᠡᠨ ᠣᠯᠠᠷᠢᠯ ᠤᠨ ᠠᠭᠤᠷ ᠠᠮᠢᠰᠬᠤᠯ ᠭᠢᠭᠡᠤᠨ ᠣᠷᠴᠢᠨ ᠠᠬᠤᠢ ᠵᠠᠩ ᠠᠷᠠᠠᠰᠢᠨ ᠲᠡᠶ ᠪᠠᠨ ᠵᠤᠭᠢᠴᠠᠭᠤᠯᠤᠨ ᠪᠦᠳᠦᠭᠡᠵᠤ ᠭᠠᠷᠭᠠᠭᠰᠠᠨ ᠦᠨᠳᠦᠰᠦᠳᠠᠨ ᠤ ᠣᠭᠢ ᠰᠢᠯᠢᠳᠡᠭ᠌ ᠭᠠᠷ ᠣᠷᠠᠯᠠᠯ ᠤᠨ ᠪᠦᠳᠦᠭᠡᠭ᠍ᠳᠡᠭᠦᠨ ᠪᠣᠯᠬᠤ ᠶᠤᠮ᠃ ᠳᠡᠭᠡᠪᠠᠯ᠂ ᠡᠪᠦᠯ ᠳᠤ ᠪᠠᠨ ᠠᠷᠠᠰᠤ ᠭᠦᠷᠦᠰᠤᠨ ᠤ ᠳᠠᠪᠠᠯ ᠬᠤᠪᠴᠠᠰᠤ᠂ ᠵᠤᠨ ᠳᠤ ᠪᠠᠨ ᠪᠣᠯ ᠳ᠋ᠠᠩ ᠳᠠᠪᠣᠤ᠂ ᠪᠦᠰ ᠪᠠᠷᠠᠭ᠎ᠠ ᠶᠢᠨ ᠴᠠᠮᠴᠠ ᠳᠡᠷᠯᠢᠭ᠌ ᠡᠮᠦᠰᠤᠨ᠂ ᠬᠠᠪᠣᠷ ᠨᠠᠮᠤᠷ ᠲᠤ ᠪᠠᠨ ᠭᠦᠪᠦᠩ ᠳᠠᠯᠪᠢᠵᠤ ᠵᠤᠵᠠᠭᠠᠯᠠᠭᠰᠠᠨ ᠳᠡᠷᠯᠢᠭ᠌ ᠪᠢᠯᠠ᠃

ᠳᠠᠪᠠᠯ ᠭᠡᠳᠡᠭ᠌ ᠪᠣᠯ ᠮᠤᠩᠭ᠋ᠤᠯ ᠬᠤᠪᠴᠠᠰᠤᠨ ᠤ ᠶᠡᠷᠦᠩᠭᠡᠢ ᠨᠠᠷᠠᠢ᠌ᠳᠤᠯ ᠪᠠᠢ᠌ᠬᠤ ᠳᠤ ᠪᠠᠨ ᠳᠠᠭᠠᠷᠠᠨ᠎ᠠ᠃ ᠳᠠᠪᠠᠯ ᠢ ᠪᠠᠨ ᠳᠤᠳᠤᠷ᠎ᠠ ᠨᠢ ᠡᠪᠦᠯ ᠵᠤᠨ ᠬᠠᠪᠣᠷ ᠨᠠᠮᠤᠷ ᠤᠨ ᠭᠡᠵᠤ ᠬᠤᠪᠢᠶᠠᠨ ᠳᠠᠪᠠᠯ ᠵᠤᠪᠴᠠᠭ᠎ᠠ᠂ ᠳᠡᠷᠯᠢᠭ᠌ ᠴᠠᠮᠴᠠ ᠭᠡᠵᠤ ᠣᠯᠠᠨ ᠵᠣᠢ᠌ᠯ ᠶᠢᠡᠷ ᠠᠩᠭᠢᠯᠠᠳᠠᠭ ᠢ ᠮᠠᠨᠠᠢ᠌ᠭᠢᠨ ᠶᠠᠭᠤ ᠠᠠᠳᠠᠬᠤᠪ ︕ ᠡᠪᠦᠯ ᠤᠨ ᠣᠯᠠᠷᠢᠯ ᠤᠨ ᠬᠤᠪᠴᠠᠰᠤ ᠶᠢ ᠥᠩᠭᠡ ᠳᠠᠪᠠᠯ (ᠣᠳᠤᠮᠠᠯ ᠠᠷᠠᠰᠤᠨ ᠳᠠᠪᠠᠯ)᠂ ᠵᠤᠪᠴᠠᠭ᠎ᠠ ᠭᠡᠵᠤ ᠬᠤᠪᠢᠶᠠᠳᠠᠭ᠃ ᠥᠩᠭᠡ ᠳᠠᠪᠠᠯ ᠢ ᠡᠯᠳᠡᠵᠤ ᠣᠳᠤᠭᠰᠠᠨ ᠬᠤᠨᠢᠨ ᠤ ᠠᠷᠠᠰᠤ ᠪᠠᠷ ᠭᠢᠳᠡᠭ᠌᠃ ᠵᠤᠪᠴᠠᠭ᠎ᠠ ᠭᠡᠳᠡᠭ᠌ ᠨᠢ ᠢᠳᠡᠭᠡᠯᠡᠵᠤ ᠡᠯᠳᠡᠭ᠍ᠰᠡᠨ ᠠᠷᠠᠰᠤ ᠶᠢ ᠳᠤᠷᠭ᠎ᠠ ᠪᠣᠶᠤ ᠪᠤᠰ ᠪᠠᠷᠠᠭ᠎ᠠ ᠪᠠᠷ ᠭᠠᠳᠠᠷᠯᠠᠨ ᠬᠠᠪᠠᠭᠠᠰᠤ ᠭᠠᠷᠭᠠᠵᠤ ᠣᠶᠤᠭᠰᠠᠨ ᠳᠠᠪᠠᠯ ᠢ ᠭᠡᠯᠡᠳᠡᠭ᠌᠃ ᠵᠤᠪᠴᠠᠭ᠎ᠠ ᠶᠢ ᠨᠢ ᠡᠩ ᠤᠨ ᠠᠷᠠᠰᠤᠨ ᠵᠤᠪᠴᠠᠭ᠎ᠠ᠂ ᠥᠵᠦᠭᠦᠷᠰᠤᠨ ᠠᠷᠠᠰᠤᠨ ᠵᠤᠪᠴᠠᠭ᠎ᠠ᠂ ᠬᠤᠷᠠᠭᠠᠨ ᠠᠷᠠᠰᠤᠨ ᠵᠤᠪᠴᠠᠭ᠎ᠠ ᠭᠢᠭᠡᠤᠨ ᠢᠰᠢᠭᠡᠨ ᠠᠷᠠᠰᠤᠨ ᠵᠤᠪᠴᠠᠭ᠎ᠠ ᠭᠡᠵᠤ ᠬᠤᠪᠢᠶᠠᠳᠠᠭ ᠪᠢᠯᠠ᠃ ᠥᠩᠭᠡ ᠳᠠᠪᠠᠯ ᠴᠤ ᠪᠣᠯᠤᠭ ᠵᠤᠪᠴᠠᠭ᠎ᠠ ᠴᠤ ᠪᠣᠯᠤᠭ᠂ ᠭᠤᠤᠯᠳᠠᠭᠤ ᠪᠦᠷ ᠢ ᠬᠤᠨᠢᠨ ᠤ ᠠᠷᠠᠰᠤ ᠪᠠᠷ ᠭᠢᠳᠡᠭ᠌ ᠪᠣᠯᠪᠠᠴᠤ ᠬᠠᠶᠠ ᠳᠤ ᠪᠠᠨ ᠪᠣᠰᠤᠳ ᠠᠮᠢᠳᠠᠨ ᠠᠷᠢᠶᠠᠳᠠᠨ ᠤ ᠠᠷᠠᠰᠤ ᠪᠠᠷ ᠭᠢᠳᠡᠭ᠌ ᠴᠤ ᠪᠣᠢ᠃ ᠳᠡᠷᠯᠢᠭ᠌ ᠴᠠᠮᠴᠠ ᠶᠢ ᠪᠣᠯ ᠥᠴᠦᠭᠡᠨ ᠴᠤ ᠠᠷᠠᠰᠤ ᠭᠦᠳᠦᠰᠤ ᠣᠷᠤᠭᠤᠯᠤᠯ ᠦᠭᠡᠶ ᠳᠤᠷᠭ᠎ᠠ ᠪᠣᠶᠤ ᠪᠦᠰ ᠪᠠᠷᠠᠭ᠎ᠠ ᠪᠠᠷ ᠣᠶᠤᠵᠤ ᠭᠢᠳᠡᠭ᠌ ᠶᠤᠮ᠃ ᠳᠡᠷᠯᠢᠭ᠌ ᠢ ᠳ᠋ᠠᠩ ᠳᠡᠷᠯᠢᠭ᠌᠂ ᠭᠦᠪᠦᠩ ᠲᠡᠶ ᠳᠡᠷᠯᠢᠭ᠌ ᠭᠡᠵᠤ ᠬᠤᠪᠢᠶᠠᠳᠠᠭ᠃ ᠴᠠᠮᠴᠠ ᠶᠢ ᠬᠠᠷᠢᠨ ᠰᠢᠭᠤᠳ ᠳ᠋ᠠᠩ ᠳᠤᠷᠭ᠎ᠠ ᠳᠠᠪᠣᠤ ᠪᠦᠰ ᠶᠢᠡᠷ ᠭᠢᠳᠡᠭ᠌ ᠶᠤᠮ᠃

ᠳᠡᠭᠡᠪᠠᠯ ᠡ᠊ᠨᠳᠡ 《ᠪᠣᠳᠤᠭᠤᠨ ᠠᠷᠠᠰᠤᠨ ᠳᠡᠷᠯᠢᠭ᠌》 ᠭᠡᠤᠨ ᠭᠠᠷᠤᠭᠠᠤᠨ ᠢᠷᠡᠴᠢᠭᠡᠯ᠎ᠡ᠃ ᠰᠤᠨᠢᠨ ᠶᠤᠮ ᠡ᠂ ᠵᠢᠷᠤᠭ ᠢ ᠨᠢ ᠠᠵᠢᠬᠤ ᠳᠤ ᠵᠤᠪᠴᠠᠭ᠎ᠠ ᠰᠢᠭ᠂ ᠨᠠᠷ᠎ᠠ ᠶᠢ ᠨᠢ ᠬᠠᠷᠠᠬᠤ ᠳᠤ ᠳᠡᠷᠯᠢᠭ᠌ ᠭᠡᠵᠤ ᠪᠠᠢ᠌ᠨ᠎ᠠ᠃ ᠪᠦᠷ ᠣᠬᠠᠭᠠᠨ ᠭᠦᠯ ᠢ ᠨᠢ ᠣᠯᠬᠤ ᠪᠠᠨ ᠪᠠᠢ᠌ᠭᠠᠤᠨ 《ᠪᠣᠳᠤᠭᠤᠨ ᠤ ᠠᠷᠠᠰᠤ ᠪᠠᠷ ᠭᠢᠭ᠍ᠰᠡᠨ ᠢ ᠨᠢ 〈ᠳᠡᠷᠯᠢᠭ᠌〉 ᠭᠡᠵᠤ ᠭᠡᠯᠡᠳᠡᠭ᠌ ᠴᠤ ᠶᠤᠮ ᠤᠤ》 ᠭᠡᠵᠤ ᠪᠠᠰᠠ ᠪᠣᠳᠤᠵᠤ ᠦᠵᠡᠯ᠎ᠠ᠃ ᠠᠷᠠᠢ ᠳᠠᠢ᠌ᠮᠤ ᠪᠢᠰᠢ᠂ ᠰᠡᠭᠦᠳᠡᠷᠯᠡᠨ ᠮᠡᠳᠡᠭᠡᠯᠡᠭ᠍ᠴᠢ ᠳᠠᠮᠤᠴᠢ ᠭᠤᠸᠠᠢ ᠪᠣᠷᠤᠭᠤ ᠨᠡᠷᠡᠯᠡᠭ᠍ᠰᠡᠨ ᠨᠢ ᠭᠠᠷᠴᠠᠭ᠎ᠠ ᠦᠭᠡᠶ᠃ ᠳᠤᠯᠢ ᠪᠢᠴᠢᠭ᠌ ᠳᠤ ᠴᠤ 《ᠳᠡᠷᠯᠢᠭ᠌ ᠢ ᠵᠤᠨ ᠡᠮᠦᠰᠳᠡᠭ᠌ ᠣᠷᠳᠤ ᠬᠤᠷᠮᠤᠢ ᠲᠡᠶ ᠳᠠᠪᠠᠯ》 ᠭᠡᠵᠤ ᠳᠠᠢ᠌ᠯᠪᠣᠷᠢᠯᠠᠵᠤ ᠪᠠᠢ᠌ᠨ᠎ᠠ᠃ ᠪᠣᠳᠤᠭᠤᠨ ᠠᠷᠠᠰᠤ ᠪᠠᠷ ᠭᠢᠭ᠍ᠰᠡᠨ ᠶᠤᠮ ᠴᠢᠨᠢ ᠯᠠᠪ ᠵᠤᠨ ᠡᠮᠦᠰᠴᠤ ᠪᠣᠯᠬᠤ ᠶᠠᠭᠤᠮ᠎ᠠ ᠪᠢᠰᠢ ︕ 《ᠲ᠋ᠡᠷᠯᠢᠭ᠌》 ᠭᠡᠵᠤ ᠪᠠᠢ᠌ᠬᠤ ᠳᠤᠯᠠ ᠡᠪᠦᠯ ᠠᠷᠠᠢ ᠡᠮᠦᠰᠴᠤ ᠪᠣᠯᠬᠤ ᠦᠭᠡᠶ ᠨᠢ ᠮᠡᠳᠡᠭᠡᠵᠢ ᠁ ᠳᠠᠭᠢᠪᠠᠯ ᠠᠯᠢ ᠡᠷᠳᠡᠨ ᠡᠴᠠ ᠠᠪᠣᠭᠠᠤᠨ ᠮᠤᠩᠭ᠋ᠤᠯᠴᠤᠳ ᠪᠣᠯᠠᠭ᠎ᠠ ᠳᠠᠷᠪᠠᠭ᠎ᠠ ᠵᠡᠷᠭᠡ ᠠᠩ ᠠᠷᠢᠶᠠᠳᠠᠨ ᠪᠣᠶᠤ ᠬᠤᠨᠢ ᠬᠤᠷᠠᠭ᠎ᠠ ᠣᠨᠠᠭ᠎ᠠ ᠳᠤᠭᠤᠯ ᠤᠨ ᠠᠷᠠᠰᠤ ᠪᠠᠷ ᠭᠢᠭ᠍ᠰᠡᠨ ᠵᠤᠪᠴᠠᠭ᠎ᠠ ᠪᠠᠨ 《ᠲ᠋ᠡᠷᠯᠢᠭ᠌》 ᠭᠡᠵᠤ ᠨᠠᠷᠠᠯᠠᠵᠤ ᠥᠩᠭᠡᠷᠡᠭ᠍ᠰᠡᠨ ᠪᠠᠷᠢᠮᠳᠠ ᠵᠢᠱᠢᠶ᠎ᠠ ᠳᠡᠦᠭᠡ ᠳᠡᠮᠳᠡᠭᠯᠡᠯ ᠡᠴᠠ ᠬᠠᠷᠠᠬᠠᠨ ᠣᠯᠳᠠᠭᠠᠳᠤᠢ ᠶᠤᠮ᠂ ᠬᠠᠷᠢᠨ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠬᠠᠨ ᠳᠠᠮᠤᠵᠢᠨ ᠭᠡᠷᠡᠢ᠌ᠤᠨ ᠠᠢ᠌ᠮᠠᠭ ᠤᠨ ᠸᠠᠩ ᠬᠠᠨ ᠳᠤᠭᠤᠷᠢᠯ ᠳᠤ 《ᠪᠣᠯᠠᠭᠠᠨ ᠳᠠᠬᠤ ᠭᠦᠷᠭᠡᠯ᠎ᠡ》 ᠭᠡᠵᠤ ᠳᠡᠮᠳᠡᠭᠯᠡᠵᠤ ᠪᠠᠢ᠌ᠬᠤ ᠡᠴᠠ ᠪᠢᠰᠢ 《ᠪᠣᠯᠠᠭᠠᠨ ᠳᠡᠷᠯᠢᠭ᠌ ᠭᠦᠷᠭᠡᠭ᠍ᠰᠡᠨ》 ᠭᠡᠵᠤ ᠶᠠᠭ ᠪᠢᠴᠢᠵᠤ ᠪᠠᠢ᠌ᠬᠤ ᠦᠭᠡᠶ᠃ ᠶᠠᠷᠤᠨᠢ ᠴᠤ 《ᠲ᠋ᠠᠬᠤ》 ᠭᠡᠭᠦ ᠳᠤ ᠯᠠ ᠠᠮᠢᠳᠠᠨ ᠠᠷᠢᠶᠠᠳᠠᠨ ᠪᠣᠶᠤ ᠬᠤᠨᠢ ᠢᠮᠠᠭᠠᠨ ᠤ ᠠᠷᠠᠰᠤ ᠪᠠᠷ ᠭᠢᠭ᠍ᠰᠡᠨ ᠭᠡᠳᠡᠭ᠌ ᠣᠤᠠᠬ᠎ᠠ ᠰᠠᠨᠠᠭ᠎ᠠ ᠳᠡᠭᠦᠯᠳᠡᠷ ᠠᠭᠤᠯᠤᠭᠳᠠᠵᠤ ᠪᠠᠢ᠌ᠬᠤ ᠶᠤᠮ᠃

ᠣᠷᠴᠢᠮ ᠤᠨ ᠵᠢᠯ ᠤᠳ ᠲᠤ᠂ ᠣᠯᠤᠰ ᠳᠠᠶᠠᠭᠠᠷ ᠲᠤ ᠦᠨᠳᠦᠰᠦᠳᠠᠨ ᠤ ᠰᠤᠶᠤᠯ ᠨᠢ ᠮᠠᠰᠢ ᠴᠢᠯᠦᠭᠡᠳᠡᠢ᠂ ᠥᠷᠭᠡᠴᠡ ᠭᠦᠡᠴᠡ ᠲᠡᠶ᠂ ᠢᠳᠠᠪᠭᠢᠳᠠᠢ ᠪᠠᠳᠠᠷᠠᠨ ᠭᠦᠭ᠍ᠵᠢᠵᠤ᠂ ᠣᠷᠤᠨ ᠨᠤᠳᠤᠭ ᠤᠨ ᠶᠢᠡᠨ ᠣᠠᠴᠠᠯᠢᠭ ᠢ ᠳᠤᠪᠣᠢ᠌ᠯᠭᠠᠨ᠂ ᠰᠤᠶᠤᠯ ᠤᠨ ᠦᠪ ᠢ ᠠᠭᠤᠳᠠᠯᠠᠨ ᠢᠯᠡᠷᠡᠭᠦᠯᠵᠤ ᠪᠠᠢ᠌ᠬᠤ ᠪᠠᠷ ᠪᠠᠷᠠᠬᠤ ᠦᠭᠡᠶ ᠰᠢᠨ᠎ᠡ ᠰᠠᠤᠠᠭᠢᠴᠠ ᠰᠢᠨ᠎ᠡ ᠡᠭᠦᠳᠦᠯᠳᠡ ᠲᠡᠢ ᠦᠷᠨᠢᠵᠤ ᠪᠠᠢ᠌ᠬᠤ ᠪᠣᠯ ᠪᠠᠶᠠᠷᠯᠠᠭᠤᠰᠢᠳᠠᠢ ᠶᠠᠪᠣᠳᠠᠯ᠃ ᠭᠡᠳᠡᠯ᠎ᠡ ᠵᠠᠷᠢᠮ ᠭᠦᠮᠦᠰ 《ᠠᠮᠤᠰᠤ ᠰᠠᠢ᠌ᠨ ᠨᠤᠬᠤᠯᠠᠵᠤ ᠪᠠᠢ᠌ᠨ᠎ᠠ ᠭᠡᠵᠤ ᠮᠠᠭᠳᠠᠬᠤᠯᠠᠷ ᠳᠤᠭᠤᠭᠠᠨ ᠤ ᠪᠠᠨ ᠭᠠᠳᠠᠨ᠎ᠠ ᠨᠢ ᠠᠪᠣᠭᠠᠤᠨ ᠬᠠᠶᠠᠴᠢᠬᠠᠯ᠎ᠠ》 ᠭᠡᠳᠡᠭ᠌ ᠰᠢᠭ᠌ ᠭᠡᠳᠦᠷᠭᠡᠢ 《ᠰᠢᠨ᠎ᠡ ᠶᠢ ᠡᠭᠦᠦᠡᠭᠦ ᠶᠢ ᠭᠢᠴᠢᠶᠠᠨ》 ᠦᠪᠡᠷᠰᠠᠤᠨ ᠤᠨ ᠶᠢᠡᠨ ᠰᠤᠳᠤᠨ ᠰᠠᠢ᠌ᠬᠠᠨ ᠶᠠᠭᠤᠮ᠎ᠠ ᠪᠠᠨ 《ᠥᠭᠡᠭᠦ ᠴᠤ ᠪᠢᠰᠢ᠂ ᠪᠣᠯᠴᠢᠷᠬᠠᠢ ᠴᠤ ᠪᠢᠰᠢ》 ᠪᠣᠯᠭᠠᠵᠤ ᠣᠷᠭᠢᠬᠤ ᠨᠢ ᠥᠨᠡᠭᠡᠷ ᠬᠠᠷᠠᠮᠰᠠᠯᠳᠠᠢ ᠣᠴᠢᠷ ᠶᠠ᠃ 《ᠪᠣᠳᠤᠭᠤᠨ ᠠᠷᠠᠰᠤᠨ ᠳᠡᠷᠯᠢᠭ᠌》 ᠊ᠢ ᠬᠠᠷᠠᠬᠤ ᠦᠭᠡᠶ ᠦᠦ ᠳ᠋ᠠ ⁈ ᠁ ᠢᠩᠭᠢᠭᠡᠤᠨ ᠨᠡᠷᠡᠰᠢᠴᠢᠭᠡᠪᠠᠯ ᠬᠤᠵᠢᠮ ᠤᠨ ᠭᠦᠮᠦᠰ ᠤᠨ ᠳᠠᠨᠢᠯᠳᠠ ᠪᠣᠶᠤ ᠮᠤᠩᠭ᠋ᠤᠯ ᠨᠠᠷ᠎ᠠ ᠳᠤᠮᠢᠶᠠᠨ ᠤ ᠳᠤᠭᠳᠠᠯᠴᠠᠭ᠎ᠠ ᠳᠤ ᠭᠡᠴᠢᠨᠡᠨ ᠠᠯᠳᠠᠰᠢ ᠪᠣᠯᠬᠤ ᠶᠢ ᠳᠦᠰᠦᠭᠡᠯᠡᠭᠦ ᠶᠢᠨ ᠠᠷᠭ᠎ᠠ ᠦᠭᠡᠶ ᠪᠣᠯᠤᠨ᠎ᠠ᠃

ᠬᠠᠰᠢᠯᠠ ᠦᠨᠳᠦᠰᠦᠳᠠᠨ ᠤ ᠪᠠᠨ ᠰᠤᠶᠤᠯ ᠵᠠᠩᠰᠢᠯ ᠳᠤ ᠬᠠᠷᠢᠭᠤᠴᠠᠯᠭᠠᠳᠤ ᠰᠡᠳᠬᠢᠯᠭᠡ ᠭᠢᠨᠠᠮᠠᠭᠠᠢ ᠣᠪᠣᠷ ᠶᠢᠡᠷ ᠬᠠᠠᠳᠤᠨ ᠭᠡᠷᠡᠭ᠌ ᠣᠴᠢᠷ ᠶᠠᠭᠤᠮ᠎ᠠ ᠥᠵᠡᠭ᠍ᠳᠡᠯ ᠤᠨ ᠨᠠᠷᠢᠨ ᠢᠯᠭᠠᠭ᠎ᠠ ᠶᠢ ᠳᠤᠩᠭ᠋ᠠᠵᠤ᠂ ᠥᠭᠡ ᠭᠡᠷᠡᠭᠯᠡᠭᠦ ᠳᠤ ᠪᠠᠨ ᠣᠤᠠᠬ᠎ᠠ ᠶᠢᠨ ᠰᠢᠷᠭᠠᠭᠠᠯᠳᠠ ᠭᠢᠵᠤ᠂ ᠡᠭᠡ ᠭᠡᠯᠡᠨ ᠤ ᠪᠠᠨ ᠦᠨᠢᠷ ᠪᠠᠶᠠᠯᠢᠭ ᠦᠪ ᠰᠤᠶᠤᠯ ᠢ ᠪᠠᠬᠠᠷᠬᠠᠨ ᠠᠵᠢᠯᠯᠠᠬᠤ ᠪᠣᠯ ᠮᠤᠩᠭ᠋ᠤᠯᠴᠤᠳ ᠪᠢᠳᠠᠨ ᠤ ᠪᠠᠬᠠᠳᠤᠯ ᠵᠢᠷᠭᠠᠯ ᠪᠣᠰᠤ ᠦᠦ ⁈

2009 ᠣᠨ ᠤ 9 ᠰᠠᠷ᠎ᠠ ᠶᠢᠨ 10 ᠊ᠤ ᠡᠳᠦᠷ᠃

ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ ᠬᠤᠰᠢᠭᠤᠨ ᠤ ᠰᠤᠶᠤᠯ ᠳᠠᠮᠢᠷ ᠷᠠᠳᠢᠤ᠋ ᠳᠸᠯᠸᠢᠰ ᠳᠤᠪᠴᠢᠶ᠎ᠠ


ᠵᠤᠬᠢᠶᠠᠭᠴᠢ᠄ ᠭᠤ᠋·ᠰᠤᠶᠤᠯᠲᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12117
ᠴᠠᠭ᠄ 2010 ᠤᠨ ᠤ 02 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ