ᠨᠡᠪᠲᠡᠷᠡᠨ ᠤᠷᠤᠬᠤ
ᠬᠠᠢ᠌ᠷ᠎ᠠ ᠶᠢᠨ ᠮᠦᠷᠦᠭᠡᠳᠦᠯ

ᠰᠠᠷᠠ ᠲᠡᠶ ᠰᠦᠨᠢ ᠶᠢᠨ ᠰᠡᠯᠡᠭᠦᠨ ᠳᠤ ᠰᠡᠳᠭᠢᠯ ᠤᠨ ᠰᠢᠵᠢᠮ ᠦᠪᠡᠷ ᠤᠨ ᠡᠷᠭᠡ ᠦᠭᠡᠶ ᠴᠢᠮ᠎ᠠ ᠣᠷᠤᠭᠤ ᠳᠠᠮᠠᠤᠯᠠᠨ᠎ᠠ᠃

ᠬᠠᠢ᠌ᠷᠠᠳᠤ ᠮᠢᠨᠢ︕ ᠪᠢ ᠴᠢᠮ᠎ᠠ ᠪᠠᠨ ᠠᠷᠭ᠎ᠠ ᠦᠭᠡᠶ ᠮᠦᠷᠦᠭᠡᠳᠤᠨ ᠰᠠᠨᠠᠨ᠎ᠠ᠃ ᠳᠤᠭᠤᠰᠤᠳᠤ ᠶᠠᠷᠳᠢᠠᠴᠤ ᠳᠤ ᠳᠤᠷᠠᠯᠠᠯ ᠬᠠᠢ᠌ᠷ᠎ᠠ ᠶᠢᠨ ᠡᠭᠡᠰᠢᠭ᠌ ᠢ ᠣᠶᠠᠩᠭ᠋ᠠᠯᠠᠨ ᠶᠠᠪᠣᠭᠰᠠᠨ ᠴᠤ ᠲᠦᠮᠡᠨ ᠭᠠᠵᠠᠷ ᠤᠨ ᠠᠯᠤᠰ ᠳ᠋ᠠᠭᠢ ᠴᠢᠮ᠎ᠠ ᠶᠢ ᠳᠤᠷᠠᠰᠤᠨ ᠮᠦᠷᠦᠭᠡᠳᠦᠭᠦ ᠨᠢ ᠵᠥᠩᠳᠡᠭᠡᠨ ᠶᠤᠮ᠃ ᠡᠨᠡ ᠨᠢ ᠳᠠᠪᠢᠯᠠᠩ ᠵᠠᠶᠠᠭ᠎ᠠ ᠶᠤᠮ ᠦᠦ᠂ ᠣᠴᠠᠷᠠᠯ ᠬᠠᠢ᠌ᠷ᠎ᠠ ᠴᠤ ᠶᠤᠮ ᠦᠦ᠂ ᠪᠢ ᠦᠯᠦ ᠮᠠᠳᠠᠨ᠎ᠡ᠃ ᠭᠡᠪᠠᠴᠤ ᠪᠢ ᠡᠨᠡᠭᠦ ᠵᠢᠷᠦᠭᠡᠨ ᠤ ᠰᠠᠢ᠌ᠬᠠᠨ ᠪ ᠮᠦᠷᠦᠭᠡᠳᠦᠯ ᠶᠢᠡᠨ ᠪᠢᠳᠠ ᠬᠤᠶᠠᠷ ᠤᠨ ᠭᠤᠶᠤ ᠰᠠᠢ᠌ᠬᠠᠨ ᠬᠠᠢ᠌ᠷ᠎ᠠ ᠶᠢᠨ ᠠᠭᠤᠯᠵᠠᠯᠳᠠ ᠭᠡᠵᠤ ᠰᠡᠳᠭᠢᠯ ᠳᠡᠭᠡᠨ ᠡᠮᠵᠡᠭᠯᠡᠨ᠎ᠡ᠃

ᠬᠠᠢ᠌ᠷᠠᠳᠤ ᠠᠮᠠᠷᠠᠭ ᠮᠢᠨᠢ᠂ ᠪᠢ ᠶᠠᠭᠤᠨ ᠳᠤ ᠴᠢᠮ᠎ᠠ ᠶᠢ ᠢᠩᠭᠡᠵᠤ ᠮᠦᠷᠦᠭᠡᠳᠤᠨ ᠰᠠᠭᠤᠨᠠᠮ ︖ ᠬᠠᠷᠢᠭᠤᠯᠳᠠ ᠨᠠᠳᠠ ᠦᠭᠡᠶ᠃ ᠵᠥᠪᠭᠡᠨ ᠵᠢᠷᠦᠭᠡᠨ ᠤ ᠤᠶᠠᠩ‍ᠭ᠎ᠠ᠂ ᠰᠡᠳᠬᠢᠯ ᠤᠨ ᠡᠭᠡᠰᠢᠭ᠌ ᠭᠡᠵᠤ ᠪᠣᠳᠤᠨ ᠰᠠᠭᠤᠨ᠎ᠠ᠃

ᠭᠡᠦᠭᠡᠨ ᠬᠤᠩᠭ᠋ᠤᠷ ᠰᠡᠳᠭᠢᠯ ᠳᠡᠭᠡᠨ ᠨᠢᠭᠡ ᠭᠦᠮᠤᠨ ᠢ ᠳᠤᠷᠠᠰᠤᠨ ᠰᠠᠨᠠᠬᠤ ᠨᠢ ᠨᠠᠳᠠᠳᠤ ᠵᠢᠷᠭᠠᠯᠳᠠᠢ ᠪᠦᠭᠡᠳ ᠵᠤᠪᠠᠯᠠᠩ ᠶᠤᠮ᠃ ᠮᠦᠨᠴᠤ ᠨᠢᠭᠡᠨ ᠵᠷᠭᠠᠯᠳᠤ ᠭᠤᠨᠢᠭ ᠵᠤᠪᠠᠯᠠᠩ ᠪᠣᠯᠤᠨ᠎ᠠ᠃ ᠪᠢ ᠴᠢᠮᠠᠳᠤ ᠣᠷᠢᠳᠤ ᠳᠦᠷᠤᠯ ᠳᠡᠭᠡᠨ ᠬᠠᠢ᠌ᠷ᠎ᠠ ᠶᠢᠨ ᠦᠷᠢ ᠲᠡᠶ ᠪᠠᠢ᠌ᠭᠰᠠᠨ ᠮᠠᠭᠠᠤᠨ᠃ ᠡᠨᠡ ᠪᠠᠶ᠎ᠠ ᠳᠡᠭᠡᠨ ᠠᠮᠢᠳᠤᠷᠠᠯ ᠤᠨ ᠬᠠᠷᠭᠤᠢ ᠳᠤ ᠠᠭᠤᠯᠵᠠᠨ ᠳᠠᠨᠢᠯᠴᠠᠭᠰᠠᠨ ᠨᠢ ᠮᠦᠨᠴᠤ ᠣᠴᠠᠷᠠᠯ ᠢᠷᠦᠭᠡᠯ ᠤᠨ ᠬᠤᠪᠢ ᠪᠠᠷ ᠬᠠᠢ᠌ᠷ᠎ᠠ ᠶᠢᠨ ᠦᠷᠢ ᠪᠠᠨ ᠳᠤᠷᠠᠰᠤᠯ ᠮᠦᠷᠦᠭᠡᠳᠦᠯ ᠪᠣᠯᠭᠠᠨ ᠲᠦᠯᠤᠵᠤ ᠪᠠᠢ᠌ᠭ᠎ᠠ ᠨᠢ ᠡᠨᠡ ᠪᠣᠯᠤᠯᠳᠠᠢ᠃

ᠰᠡᠳᠭᠢᠯ ᠤᠨ ᠠᠮᠠᠷᠠᠭ ᠮᠢᠨᠢ ︕ ᠴᠢ ᠨᠠᠳᠠ ᠶᠢ ᠰᠠᠨᠠᠵᠤ ᠪᠠᠢ᠌ᠭ᠎ᠠ ᠦᠦ᠂   ᠪᠢ ᠴᠢᠮᠠᠳᠤ ᠬᠠᠢ᠌ᠷᠠᠳᠠᠢ ᠳᠠᠭᠠᠨ ᠢᠩᠭᠡᠵᠤ ᠳᠤᠷᠠᠰᠤᠨ ᠰᠠᠨᠠᠭᠠᠯᠵᠠᠨ᠎ᠠ᠃ ᠴᠢ ᠨᠠᠳᠠ ᠶᠢ ᠣᠢ᠌ᠯᠭᠠᠬᠤ ᠶᠤᠰᠤᠳᠠᠢ᠂ ᠨᠠᠩ ᠴᠤ ᠮᠢᠨᠤ ᠴᠢᠮ᠎ᠠ ᠣᠷᠤᠭᠤ ᠳᠡᠮᠤᠯᠡᠭ᠍ᠰᠡᠨ ᠰᠡᠳᠭᠢᠯ ᠤᠨ ᠬᠠᠢ᠌ᠷ᠎ᠠ ᠶᠢ ᠣᠢ᠌ᠯᠭᠠᠬᠤ ᠶᠤᠰᠤᠳᠠᠢ᠃ ᠴᠢ ᠮᠢᠨᠤ ᠰᠡᠳᠭᠢᠯ ᠳᠤ ᠦᠨᠢ ᠡᠭᠦᠷᠢᠳᠡ ᠮᠠᠷᠳᠠᠭᠳᠠᠰᠢ ᠦᠭᠡᠶ ᠳᠤᠷᠠᠳᠬᠠᠯ ᠪᠣᠯᠤᠨ ᠣᠨ ᠵᠢᠯ ᠤᠨ ᠡᠭᠡᠯᠵᠢᠯᠡᠯ᠂ ᠰᠠᠷ᠎ᠠ ᠡᠳᠦᠷ ᠤᠨ ᠣᠳᠠᠭᠠᠨ ᠳᠤ ᠰᠡᠳᠭᠢᠯ ᠤᠨ ᠭᠦᠨ᠎ᠡ ᠬᠤᠨᠤᠭᠰᠢᠨ᠎ᠠ ᠁ ᠁


ᠵᠤᠬᠢᠶᠠᠭᠴᠢ ᠶᠢᠨ ᠬᠠ‍‌ᠶᠢᠭ ᠄ ᠭᠠᠠᠰᠤ ᠮᠤᠵᠢ ᠶᠢᠨ ᠰᠦᠪᠧᠢ ᠰᠢᠶᠠᠨ ᠤ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠮᠦᠩᠭᠦᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6187
ᠴᠠᠭ᠄ 2010 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ