☆ ᠨᠤ᠊ · ᠪᠠᠭᠠᠲᠤᠷ
ᠭᠡᠷᠢᠶᠡᠰᠦ
ᠪᠠᠢ᠌ᠭᠠᠯᠢ ᠶᠢᠨ ᠲᠦᠷᠦᠳᠠᠰᠤ ᠪᠣᠯᠤᠭᠰᠠᠨ ᠶᠢᠷᠳᠢᠠᠴᠤ ᠶᠢᠨ ᠭᠦᠮᠤᠨ ᠪᠠᠢ᠌ᠭᠠᠯᠢ ᠶᠢᠨ ᠵᠢᠮ᠎ᠡ ᠪᠡᠷ ᠨᠠᠪᠴᠢᠯᠠᠵᠤ ᠰᠤᠶᠤᠭᠠᠯᠠᠬᠤ ᠬᠠᠳᠠᠵᠤ ᠬᠤᠪᠬᠠᠢ᠌ᠷᠠᠳᠡᠬ ᠶᠤᠰᠤᠳᠡᠢ᠃ ᠰᠤᠶᠤᠯ ᠰᠢᠡᠵᠢᠯᠡᠭᠦ ᠣᠬᠠᠭᠠᠨ ᠳᠡᠭᠡᠳᠤ ᠭᠡᠮᠵᠢᠶ᠎ᠡ ᠪᠠᠷ ᠭᠦᠭ᠍ᠵᠢᠭ᠍ᠰᠡᠨ ᠦᠨᠦᠳᠤᠷ᠂ ᠳᠤᠰᠬᠠᠢ᠌ᠯᠠᠨ ᠣᠷᠳᠤ ᠨᠠᠰᠤᠯᠠᠬᠤ ᠦᠷᠢᠯ ᠨᠠᠢ᠌ᠷᠠᠬᠤ ᠭᠦᠮᠤᠨ ᠦᠭᠡᠶ ᠪᠣᠯᠤᠭᠰᠠᠨ ᠴᠤ᠂《ᠡᠢ᠌ᠮᠤ ᠳᠠᠯᠬ᠎ᠠ》 ᠪᠢᠰᠢ ᠪᠣᠯ《ᠳᠠᠢ᠌ᠮᠤ ᠥᠷᠢᠯ》 ᠤᠨ《ᠠᠯᠢᠪᠡ ᠡᠪᠠᠦᠡᠴᠢᠨ ᠢ ᠵᠡᠰᠡᠨ ᠡᠳᠡᠭᠡᠷᠡᠭᠦᠯᠦᠨ᠎ᠡ ᠂ ᠡᠪᠠᠦᠡᠴᠢᠨ ᠦᠭᠡᠶ ᠪᠣᠯ ᠣᠷᠳᠤ ᠨᠠᠰᠤᠯᠠᠭᠤᠯᠤᠨ᠎ᠠ》ᠭᠡᠭᠦ ᠵᠡᠷᠬᠡ ᠵᠢᠨ ᠰᠤᠷᠳᠡᠯᠴᠢᠯᠠᠭ᠎ᠠ ᠳᠤ᠂ ᠮᠥᠨ ᠪᠠᠭ᠎ᠠ ᠪᠤᠰᠤ ᠬᠦᠮᠤᠰ ᠡᠳ᠋ ᠮᠥᠩᠭᠦ ᠪᠠᠨ ᠤᠪᠤᠭᠡ ᠳᠤᠪᠤᠭᠡ ᠪᠡᠷ ᠳᠡᠯᠡᠭᠠᠷ ᠥᠷᠤᠵᠤ ᠂ ᠡᠨᠡ ᠨᠢ ᠬᠤᠷᠣᠡ ᠳᠤ ᠮᠥᠩᠭᠡᠷᠡᠭᠦ ᠦᠭᠡᠢ ᠭᠡᠰᠡᠨ ᠭᠦᠮᠤᠨ ᠴᠤ ᠢᠯᠡᠭᠦᠤ ᠭᠡᠳᠤᠨ ᠵᠢᠯ ᠠᠮᠢᠳᠤᠷᠠᠬᠤ ᠶᠢ ᠭᠦᠰᠡᠭ᠍ᠰᠡᠨ ᠭᠤᠷᠢᠳᠠᠳᠡᠬ᠃
ᠶᠡᠷᠤᠨᠢ ᠨᠡᠰᠤ ᠠᠬᠰᠢᠷᠡᠬᠤ ᠳᠤᠳᠤᠮ ᠬᠢᠵᠤ ᠪᠥᠳᠤᠬᠡᠬᠡ ᠥᠬᠡᠢ ᠵᠥᠢᠯᠡᠰ ᠤᠯᠡᠰᠢᠷᠡᠬᠤ ᠰᠢᠬ ᠪᠡᠢ᠌ᠳᠡᠬ᠃ ᠡᠢ᠌ᠨᠬᠦ᠂ ᠡᠨᠡ ᠬᠤᠷᠣᠡ ᠳᠡᠬᠢ ᠭᠱᠡᠨᠡ ᠠᠮᠢᠳᠤᠷᠡᠯ ᠤᠨ ᠳᠥᠡᠭ ᠳᠤ ᠬᠠᠭᠠᠰ ᠳᠤᠳᠠᠭᠤ ᠣᠷᠭᠢᠭᠰᠠᠨ ᠶᠢᠡᠨ ᠦᠷ᠎ᠡ ᠭᠡᠦᠭᠡᠤᠨ ᠲᠡᠭᠡᠨ《ᠭᠡᠷᠢᠶᠡᠰᠤᠯᠡᠨ》ᠥᠯᠡᠳᠡᠬᠡᠳᠡᠭ᠃ ᠡᠢ᠌ᠨᠬᠦ ᠬᠦᠮᠤᠰ ᠪᠣᠯ ᠠᠵᠢᠯ ᠣᠢ᠌ᠯᠠᠰᠴᠢ ᠭᠦᠮᠤᠨ᠂ ᠰᠡᠳᠦᠭᠡᠤᠨ ᠪᠠᠷᠠᠬᠤ ᠦᠭᠡᠶ ᠲᠦᠰᠤᠪ᠂ ᠭᠢᠭᠡᠤᠨ ᠳᠠᠭᠤᠰᠤᠰᠢ ᠦᠭᠡᠶ ᠠᠵᠢᠯ ᠳᠡᠢ ᠪᠠᠢ᠌ᠳᠠᠭ ᠡᠴᠡ ᠦᠷ᠎ᠡ ᠭᠡᠦᠭᠡᠤᠨ ᠨᠢ ᠭᠡᠤᠨ ᠪᠡᠶᠡᠯᠡᠬᠦᠯᠬᠦ ᠳᠤ ᠪᠠᠷᠭᠡ ᠳᠡᠢ᠂ ᠣᠯᠠᠨ ᠣᠢ᠌ᠯᠠᠰ ᠭᠡᠷᠢᠶᠡᠰᠦ ᠪᠤᠯᠵᠤ ᠬᠤᠴᠤᠷᠬᠤ ᠨᠢ ᠳᠡᠮᠵᠢᠬ ᠥᠬᠡᠢ᠃ ᠭᠡᠳᠡᠯ᠎ᠡ᠂ ᠣᠯᠠᠩᠭᠢ ᠭᠦᠮᠤᠨ ᠶᠠᠭᠤᠨ ᠳᠤ ᠢᠷᠡᠭᠡᠤᠨ ᠶᠠᠭᠠᠭᠢᠵᠤ ᠶᠠᠪᠣᠬᠤ ᠪᠠᠨ ᠮᠡᠳᠡᠭᠦ ᠦᠭᠡᠶ ᠪᠠᠢ᠌ᠳᠠᠭ ᠡᠴᠡ ᠠᠳᠠᠭ ᠨᠢ ᠭᠡᠷᠢᠶᠡᠰᠤ ᠴᠤ ᠦᠭᠡᠶ ᠭᠡᠳᠡᠷᠭᠦ ᠬᠠᠠᠳᠤᠪᠠᠯ ᠪᠠᠷᠠᠴᠢᠬᠤ ᠭᠡᠷᠡᠭ᠌᠃ ᠴᠢ ᠳᠡᠭᠦᠨ ᠶᠢᠡᠷ ᠪᠢᠴᠢᠭᠦᠯᠦᠨ᠎ᠡ ᠭᠡᠪᠠᠯ ᠳᠠᠷᠠ ᠪᠢᠴᠢᠵᠤ ᠴᠢᠳᠠᠬᠤ ᠦᠭᠡᠶ᠂ ᠣᠴᠢᠷ ᠨᠢ ᠳᠠᠷᠠ ᠦᠪᠠᠰᠤᠪᠠᠨ ᠴᠤ ᠨᠢᠬᠡ ᠨᠡᠰᠤᠡ ᠳᠡᠭᠠᠨ ᠶᠠᠭᠤ ᠭᠢᠭᠦ ᠪᠠᠨ ᠮᠡᠳᠡᠭ᠍ᠰᠡᠨ ᠦᠭᠡᠶ ᠬᠦᠮᠤᠰ ︕ ᠬᠡᠶ᠎ᠡ᠂ ᠮᠤᠡᠭᠭᠤᠯ ᠤᠨ ᠮᠢᠨᠢ ᠪᠣᠭᠳᠠ ᠡᠵᠡᠨ ᠴᠢᠩᠭᠢᠰ ᠬᠠᠭᠠᠨ ᠬᠠᠷᠢᠨ᠂ ᠴᠢ ᠯᠢᠶᠠᠨ ᠠᠭᠤᠯᠠᠨ ᠳᠤ ᠳᠠᠩᠭ᠋ᠤᠳ ᠢ ᠳᠠᠢ᠌ᠯᠠᠵᠤ ᠪᠠᠢ᠌ᠬᠤ ᠳᠠᠭᠠᠨ ᠪᠠᠶ᠎ᠠ ᠨᠢ ᠶᠡᠭᠡ ᠴᠢᠯᠡᠭᠡᠷᠬᠦᠶᠡ᠂ ᠡᠭᠦᠰᠭᠡᠵᠤ ᠳᠠᠯᠪᠢᠭᠰᠠᠨ ᠶᠡᠭᠡ ᠣᠢ᠌ᠯᠠᠰ ᠢ ᠨᠢ ᠳᠤᠳᠠᠭᠤ ᠣᠷᠭᠢᠬᠤ ᠡᠴᠡ ᠠᠶᠤᠭᠠᠤᠨ《ᠠᠯᠳᠠ ᠪᠠᠶ᠎ᠠ ᠮᠢᠨᠢ ᠠᠯᠵᠢᠶᠠᠪᠠᠯ ᠠᠯᠵᠢᠶᠠᠳᠤᠭᠠᠢ᠂ ᠠᠬᠤ ᠲᠦᠷᠦ ᠮᠢᠨᠢ ᠪᠣᠤ ᠯᠠ ᠠᠯᠳᠠᠷᠠᠳᠤᠭᠠᠢ》ᠭᠡᠵᠤ ᠭᠡᠷᠢᠶᠡᠰᠦᠯᠡᠭ᠍ᠰᠡᠨ ᠪᠡᠢ᠌ᠳᠡᠬ᠃ ᠶᠤᠰᠤᠳᠡᠢ ᠪᠠᠭᠠᠳᠤᠷ ᠵᠠᠩᠵᠤᠨ ᠪᠠᠭ᠎ᠠ ᠴᠡᠷᠢᠭ᠌ ᠤᠨ ᠥᠭᠡ ᠶᠢ ᠭᠡᠯᠡᠭᠦ ᠦᠭᠡᠶ᠂ ᠪᠠᠷᠰ ᠢᠷᠪᠢᠰ ᠳᠠᠤᠯᠠᠢ ᠶᠢᠨ ᠵᠢᠮ ᠶᠢᠡᠷ ᠶᠠᠪᠣᠬᠤ ᠦᠭᠡᠶ ᠨᠢ ᠥᠨᠡᠨ᠃
ᠭᠦᠷᠤᠨ ᠲᠦᠷᠦ ᠶᠢᠨ ᠶᠡᠭᠡ ᠭᠡᠷᠡᠭ᠌ ᠲᠤ ᠰᠠᠨᠠᠭᠠᠰᠢᠷᠠᠨ ᠭᠡᠷᠢᠶᠡᠰᠦᠯᠡᠭᠦ ᠭᠦᠮᠤᠨ ᠴᠥᠭᠡᠨ ᠪᠠᠢ᠌ᠬᠤ ᠳᠤ᠂ ᠭᠡᠷ ᠵᠠᠭᠤᠷ᠎ᠠ ᠶᠢᠨ ᠠᠷᠰᠠᠷ ᠣᠴᠢᠷ ᠲᠤ ᠳᠠᠳᠠᠯᠳᠠᠬᠤ ᠭᠦᠮᠤᠨ ᠬᠠᠷᠢᠨ ᠣᠯᠠᠨ ᠪᠠᠢ᠌ᠳᠠᠭ᠃ ᠠᠩᠭ᠌ᠯᠢ ᠶᠢᠨ ᠠᠯᠳᠠᠷᠳᠤ ᠵᠤᠬᠢᠶᠠᠯᠴᠢ ᠪᠦᠭᠡᠤᠨ ᠳᠤᠭᠠᠨ ᠤ ᠣᠬᠠᠭᠠᠠᠳᠠᠨ ᠳ᠋ᠤᠷᠰᠤᠨ ᠨᠠᠰᠤ ᠪᠠᠷᠠᠬᠤ ᠳᠠᠭᠠᠨ ᠬᠠᠵᠠᠭᠤᠳᠠᠭᠢ ᠭᠦᠮᠤᠨ ᠳᠡᠬᠡᠨ《ᠡᠨᠡ ᠳᠠᠷᠠ ᠶᠢ ᠠᠪᠣᠭᠠᠤᠨ ᠶᠠᠪᠣ᠂ ᠪᠢ ᠣᠳᠤ ᠪᠠᠷᠤᠭ ᠵᠠᠷᠤᠬᠤ ᠡᠴᠡ ᠥᠩᠭᠡᠷᠡᠭ᠍ᠰᠡᠨ ︕》ᠭᠡᠵᠤ ᠭᠡᠷᠢᠶᠡᠰᠦᠯᠡᠵᠡᠢ᠃ ᠥᠭᠦᠯ ᠤᠨ ᠳᠡᠮᠡᠴᠡᠬᠡᠨ ᠳᠤ ᠡᠢ᠌ᠨᠬᠦ ᠠᠭᠤᠵᠢᠮ ᠳᠠᠯᠪᠢᠭᠤ ᠣᠪᠣᠷ ᠳᠡᠢ ᠬᠦᠮᠤᠰ ᠴᠥᠬᠡᠨ ᠪᠡᠢ᠌ᠳᠡᠬ ᠃ ᠹᠷᠠᠠᠼᠢ ᠶᠢᠨ ᠶᠡᠭᠡ ᠵᠤᠬᠢᠶᠠᠯᠴᠢ ᠷᠡᠪᠯᠧ ᠨᠠᠰᠤ ᠪᠠᠷᠠᠬᠤ ᠦᠶ᠎ᠡ ᠳᠡᠭᠡᠨ ᠥᠵᠡᠭᠦ ᠪᠠᠷ ᠢᠷᠡᠭ᠍ᠰᠡᠨ ᠠᠬ᠎ᠠ ᠳᠡᠭᠦᠤ ᠨᠡᠷ ᠲᠠᠭᠠᠨ 《ᠭᠦᠰᠢᠭᠡ ᠶᠢ ᠪᠠᠭᠤᠯᠭᠠᠴᠢᠬᠠ᠂ ᠢᠨᠢᠶᠠᠳᠤᠮᠳᠤ ᠵᠥᠴᠦᠭᠡ ᠶᠢ ᠳᠤᠭᠯᠠᠭᠠᠤᠨ ᠪᠠᠷᠠᠭᠰᠠᠨ ᠰᠢᠤ ︕》ᠭᠡᠵᠤ ᠱᠤᠭ ᠭᠠᠷᠭᠠᠭᠰᠠᠨ ᠪᠠᠢ᠌ᠨ᠎ᠠ᠃ ᠳᠡᠭᠦᠨ ᠤ ᠥᠵᠡᠭᠦ ᠪᠠᠷ᠂ ᠭᠦᠮᠤᠨ ᠤ ᠶᠢᠷᠳᠢᠠᠴᠤ ᠳᠤ ᠢᠷᠡᠭ᠍ᠰᠡᠨ ᠨᠢ ᠱᠤᠭ ᠵᠥᠴᠦᠭᠡ ᠳᠤᠭᠯᠠᠬᠤ ᠪᠠᠷ ᠢᠷᠡᠭ᠍ᠰᠡᠨ ᠳᠠᠳᠣᠢ᠌ᠯᠠ᠃
《ᠠᠷᠤᠤᠬᠠᠨ ᠪᠠᠭᠠᠳᠤᠷ ᠤᠨ ᠠᠮᠢᠰᠬᠤᠯ ᠣᠬᠤᠷ ᠠᠳᠠᠯ᠎ᠠ ᠦᠬᠢᠤᠨ ᠭᠦᠪᠠᠭᠦᠤᠨ ᠤᠨ ᠰᠤᠨᠭᠢᠯᠭᠡ ᠭᠦᠨ 》ᠭᠡᠳᠡᠭ᠍ᠴᠢᠯᠡᠨ ᠠᠩᠭ᠌ᠯᠢ ᠶᠢᠨ ᠨᠠᠷᠠᠳᠤ ᠵᠥᠴᠦᠭᠡ ᠶᠢᠨ ᠵᠤᠬᠢᠶᠠᠯᠴᠢ ᠸᠸᠰᠷᠢ ᠥᠳᠡᠯᠡᠭᠡ ᠨᠠᠰᠤᠨ ᠳᠠᠭᠠᠨ ᠵᠠᠯᠠᠭᠤ ᠪᠠᠷᠢ ᠪᠠᠭᠤᠯᠭᠠᠭᠠᠤᠨ ᠭᠡᠳᠤᠨ ᠵᠢᠯ ᠪᠣᠯᠤᠭᠰᠠᠨ ᠦᠭᠡᠶ ᠡᠷᠯᠢᠭ᠌ ᠤᠨ ᠡᠭᠦᠳᠡ ᠶᠢ ᠳᠤᠭᠰᠢᠬᠤ ᠪᠠᠷ ᠪᠣᠯᠵᠠᠢ ᠃ ᠳᠡᠭᠡᠭᠡᠤᠨ ᠣᠷᠤᠨ ᠤ ᠭᠢᠨᠢ ᠳᠡᠷᠭᠡᠳᠡ ᠨᠢᠯᠪᠣᠰᠤ ᠣᠨᠠᠵᠤ ᠵᠤᠭᠰᠤᠭ᠎ᠠ ᠵᠠᠯᠠᠭᠤ ᠬᠠᠳᠤᠨ ᠳᠠᠭᠠᠨ《ᠨᠠᠳᠠᠳᠤ ᠳᠠᠩᠭ᠋ᠠᠷᠢᠭᠯᠠᠭᠠᠴᠢ᠂ ᠳᠠᠭᠢᠭᠠᠤᠨ ᠶᠠᠭᠠᠭᠢᠭᠰᠠᠨ ᠴᠤ ᠨᠠᠰᠤᠳᠠᠢ ᠭᠦᠮᠤᠨ ᠲᠡᠶ ᠣᠷᠤᠭᠯᠠᠬᠤ ᠦᠭᠡᠶ ᠭᠡ ︕》ᠭᠡᠵᠤ ᠬᠠᠳᠠᠭᠤ ᠳᠠᠩᠭ᠋ᠠᠷᠢᠭ ᠭᠢᠯᠭᠡᠵᠤ ᠪᠠᠢ᠌ᠮᠠᠨ ᠰᠠᠶᠢ ᠰᠠᠨᠠᠭ᠎ᠠ ᠠᠮᠠᠷᠠᠭᠠᠤᠨ ᠮᠤᠷᠳᠠᠵᠠᠢ᠃ ᠳᠡᠭᠦᠨ ᠤ ᠬᠠᠮᠤᠭ ᠰᠠᠨᠠᠭᠠᠰᠢᠷᠠᠳᠠᠭ ᠶᠠᠪᠣᠳᠠᠯ ᠨᠢ ᠡᠭᠡᠨᠡᠷ ᠨᠢ ᠥᠭᠡᠷ᠎ᠡ ᠵᠠᠯᠠᠭᠤ ᠡᠷᠢᠭᠦ ᠦᠭᠡᠶ ᠬᠠᠷᠢᠨ ᠵᠥᠨᠦᠭ᠍ᠰᠢᠷᠡᠭ᠍ᠰᠡᠨ ᠡᠪᠦᠭᠡᠨ ᠡᠷᠢᠭᠦ ᠶᠠᠪᠣᠳᠠᠯ ᠪᠣᠯᠤᠨ᠎ᠠ᠃
ᠶᠡᠷᠤᠨᠢ ᠭᠦᠮᠤᠨ ᠥᠭᠦᠯ ᠢ ᠳᠤᠷᠠᠤᠠᠬᠤ ᠡᠴᠡ ᠠᠶᠤᠳᠠᠭ᠂ ᠬᠡᠶ᠎ᠡ᠂ ᠥᠬᠦᠵᠤ ᠬᠠᠯᠢᠬᠤ ᠶᠢ ᠣᠨᠳᠠᠬᠤ ᠶᠢᠨ ᠳᠠᠳᠤᠢ ᠴᠤ ᠪᠣᠳᠤᠬᠤ ᠦᠭᠡᠶ ᠰᠠᠢ᠌ᠨ ᠡᠷᠡᠰ ᠴᠤ ᠪᠠᠭ᠎ᠠ ᠪᠤᠰᠤ ᠪᠤᠢ᠃ ᠴᠢᠩ ᠣᠯᠤᠰ ᠤᠨ ᠦᠶ᠎ᠡ ᠳᠤ ᠥᠭᠦᠭᠦ ᠶᠠᠯᠠᠳᠠᠨ ᠢ ᠳᠤᠯᠤᠭᠠᠢ ᠶᠢ ᠨᠢ ᠣᠭᠳᠤᠯᠬᠤ ᠳᠤ ᠠᠶᠤᠬᠤ ᠳᠠᠭᠠᠨ ᠰᠢᠭᠡᠰᠤ ᠠᠯᠳᠠᠵᠤ ᠪᠠᠢ᠌ᠭᠰᠠᠨ ᠴᠤ ᠰᠦᠰᠦ ᠵᠤᠷᠢᠬ ᠰᠡᠢ᠌ᠨ ᠡᠷᠡᠴᠤᠳ ᠬᠠᠷᠢᠨ ᠯᠠᠷᠵᠢᠶ᠎ᠠ ᠳᠠᠳᠠᠵᠤ᠂《ᠬᠤᠷᠢᠨ ᠵᠢᠯ ᠤᠨ ᠰᠡᠭᠦᠯᠡᠷ ᠪᠠᠰᠠ ᠨᠢᠭᠡ ᠰᠠᠢ᠌ᠨ ᠡᠷ᠎ᠡ ᠪᠣᠰᠤᠭᠠᠤᠨ ᠢᠷᠠᠨ᠎ᠠ》ᠭᠡᠵᠤ ᠬᠤᠭᠤᠯᠠᠢ ᠴᠡᠴᠡᠷᠡᠭᠦᠯᠤᠨ ᠪᠠᠷᠭᠢᠷᠠᠳᠠᠭ ᠨᠢ ᠵᠤᠷᠰᠢᠯ ᠪᠣᠯᠴᠢᠬᠠᠭᠰᠠᠨ ᠶᠢᠡᠷ᠂ ᠱᠤᠬ ᠥᠵᠡᠳᠡᠭ᠌ ᠣᠯᠤᠰ ᠴᠤ ᠰᠤᠨᠢᠷᠬᠠᠬᠤ ᠪᠠᠨ ᠪᠠᠢ᠌ᠴᠢᠬᠠᠵᠠᠢ᠃ ᠡᠷᠳᠡᠨ ᠤ ᠭ᠌ᠷᠢᠭ᠌ ᠤᠨ ᠰᠢᠯᠭᠠᠷᠠᠭᠰᠠᠨ ᠳᠤᠭᠠᠨ ᠤ ᠣᠬᠠᠭᠠᠠᠳᠠᠨ ᠠᠷᡁᠸᠮᠸᠳ᠋᠂ ᠷᠤᠮ ᠤᠨ ᠳᠦᠷᠢᠮᠡᠭᠡᠢ᠌ᠯᠡᠭ᠍ᠴᠢᠤᠨ ᠳᠠᠭᠠᠷᠢᠨ ᠣᠷᠤᠵᠤ ᠢᠷᠡᠭᠡᠤᠨ ᠭᠦᠵᠦᠭᠦᠨ ᠳᠡᠭᠡᠷ᠎ᠡ ᠨᠢ ᠭᠢᠳᠤᠭ᠎ᠠ ᠳᠠᠯᠪᠢᠵᠤ ᠪᠠᠢ᠌ᠬᠤ ᠳᠤ᠄ 《ᠪᠠᠢ᠌ᠵᠠ ᠭᠡᠮ ︕ ᠮᠢᠨᠤ ᠳᠤᠯᠤᠭᠠᠢ ᠶᠢ ᠴᠠᠪᠴᠢᠬᠤ ᠡᠴᠡ ᠡᠮᠦᠨ᠎ᠡ ᠪᠢ ᠡᠨᠡ ᠳᠤᠭᠤᠷᠢᠭ ᠢ ᠪᠦᠳᠤᠨ ᠵᠢᠷᠤᠴᠢᠬᠠᠶᠠ ︕》 ᠬᠡᠵᠤ ᠪᠠᠢ᠌ᠭᠰᠡᠨ᠃ ᠬᠤᠱᠤᠡᠭ ᠶᠥᠮᠦᠷᠯᠢᠭ᠌ ᠶᠢᠡᠷ ᠠᠯᠳᠠᠷᠰᠢᠭᠰᠠᠨ ᠠᠮᠸᠷᠢᠺᠠ ᠶᠢᠨ ᠠᠯᠳᠠᠷᠳᠤ ᠵᠤᠬᠢᠶᠠᠯᠴᠢ ᠮᠠᠺ᠂ ᠳᠸᠸᠢ᠌ᠨ ᠨᠠᠰᠤ ᠪᠠᠷᠠᠬᠤ ᠡᠴᠡ ᠪᠠᠨ ᠡᠮᠦᠨ᠎ᠡ ᠡᠪᠠᠦᠡᠴᠢᠳᠡᠨ ᠤ ᠣᠷᠤ ᠶᠢᠨ ᠳᠡᠷᠭᠡᠳᠡ ᠬᠤᠷᠡᠯᠳᠤᠬᠰᠡᠨ ᠬᠤᠷᠡᠯ ᠤᠨ ᠡᠴᠤᠰ ᠳᠡᠬᠡᠨ᠄《ᠪᠠᠶᠠᠷᠳᠠᠢ ︕ ᠳᠠᠷᠠᠭᠠᠪᠠᠷ ᠠᠭᠤᠯᠵᠠᠶ᠎ᠠ》ᠭᠡᠵᠤ ᠮᠥᠨ ᠠᠭᠤᠵᠢᠮ ᠳᠡᠯᠪᠢᠭᠤ ᠶᠢᠷᠳᠢᠨᠴᠤ ᠡᠴᠡ ᠠᠩᠬᠢᠵᠢᠷᠡᠬᠰᠡᠨ ᠪᠡᠢ᠌ᠳᠡᠬ᠃ ᠳᠡᠭᠦᠨ ᠳᠤ᠂ ᠥᠭᠦᠯ ᠪᠤᠯ ᠲᠦᠷ ᠴᠠᠭ ᠤᠨ ᠰᠠᠯᠤᠯᠳᠠ ᠳᠠᠳᠤᠢ ᠪᠠᠢ᠌ᠭᠰᠠᠨ ᠡ᠃ ᠡᠨᠤᠨᠭᠡᠭ᠌ ᠤᠨ ᠸᠠᠩ ᠤᠨ ᠭᠦᠪᠠᠭᠦᠨ ᠂ ᠰᠢᠷ᠎ᠠ ᠶᠢᠨ ᠱᠠᠰᠢᠨ ᠤ ᠡᠭᠦᠳᠦᠭ᠍ᠴᠢ ᠱᠠᠭᠵᠠᠮᠤᠨᠢ ᠨᠢᠷᠸᠠᠨ ᠳᠦᠷᠢ ᠥᠵᠡᠭᠦᠯᠭᠦ ᠡᠴᠡ ᠪᠠᠨ ᠡᠮᠦᠨ᠎ᠡ ᠄ 《 ᠨᠠᠮᠠᠢ᠌ ᠬᠠᠢ᠌ᠷᠠᠯᠠᠳᠠᠭ ᠪᠣᠢ ᠪᠦᠭᠦᠢ ᠭᠦᠮᠦᠰ ᠴᠡᠭᠡᠵᠢᠯᠡᠵᠤ ᠠᠪ ᠄ ᠳᠦᠷᠦᠭᠦ ᠡᠳᠦᠷ ᠪᠠᠢ᠌ᠪᠠᠯ ᠥᠭᠦᠭᠦ ᠡᠳᠦᠷ ᠪᠠᠰᠠ ᠪᠠᠢ᠌ᠨ᠎ᠠ ᠃ ᠣᠯᠠᠭᠠᠨ ᠳᠤᠭᠤᠰᠤᠨ ᠡᠴᠡ ᠳᠤᠤᠱᠳᠠᠢ ᠠᠩᠭᠢᠵᠢᠷᠠᠬᠤ ᠶᠢᠨ ᠳᠦᠯᠦᠭᠡ ᠰᠢᠠᠳᠠᠷᠠᠰᠢ ᠦᠭᠡᠶ ᠴᠢᠷᠮᠠᠢ᠌ᠭᠳᠤᠨ ︕ 》 ᠭᠡᠵᠤ ᠦᠨᠦ ᠬᠤᠭᠤᠰᠤᠨ ᠤ ᠣᠨᠤᠯ ᠶᠢᠡᠨ ᠰᠤᠷᠳᠠᠯᠴᠢᠯᠠᠭᠠᠤᠨ ᠵᠠᠪᠳᠤᠴᠢᠬᠠᠭᠰᠠᠨ ᠪᠠᠢ᠌ᠬᠤ ᠦᠭᠡᠶ ᠦᠦ︖
ᠣᠷᠴᠢᠨ ᠦᠶ᠎ᠡ ᠶᠢᠨ ᠳᠠᠢ᠌ᠴᠢᠨ ᠵᠤᠬᠢᠶᠠᠯᠴᠢ ᠯᠤ ᠰᠢᠶᠦ᠋ᠨ ᠪᠠᠭᠰᠢ ᠶᠢ ᠪᠢᠰᠢᠷᠡᠭᠦ ᠦᠭᠡᠶ ᠭᠦᠮᠤᠨ ᠬᠤᠪᠣᠷ ᠪᠠᠢ᠌ᠳᠠᠭ ᠃ ᠳᠠᠷᠠ 《 ᠥᠭᠦᠯ 》 ᠭᠡᠰᠡᠨ ᠵᠤᠬᠢᠶᠠᠯ ᠳᠠᠭᠠᠨ 《 ᠪᠢ ᠭᠡᠷᠪᠡ ᠪᠠᠶᠠᠨ ᠰᠠᠷᠳᠠᠸᠠᠭᠢ ᠪᠠᠢ᠌ᠭᠰᠠᠨ ᠪᠣᠯ ᠭᠦᠤ ᠪᠣᠯᠤᠨ ᠭᠦᠷᠭᠡᠨ ᠭᠡᠳᠥᠢᠨᠡᠢ ᠨᠠᠮᠠᠢ᠌ ᠠᠯᠪᠠᠳᠠᠵᠤ ᠪᠠᠢ᠌ᠭᠠᠤᠨ ᠭᠡᠷᠢᠶᠡᠰᠤ ᠪᠢᠴᠢᠭᠦᠯᠴᠢᠭᠡᠭ᠍ᠰᠡᠨ ᠪᠠᠢ᠌ᠬᠤ ᠃ ᠭᠡᠳᠡᠯ᠎ᠡ ᠣᠳᠤ ᠭᠡᠨ ᠴᠤ ᠡᠨᠡ ᠶᠠᠪᠣᠳᠠᠯ ᠢ ᠳᠤᠷᠠᠤᠠᠬᠤ ᠦᠭᠡᠶ ᠪᠣᠯᠬᠤᠷ ᠨᠢᠭᠡ ᠶᠠᠭᠤᠮ᠎ᠠ ᠡᠷᠢᠶᠡᠴᠡᠭᠡᠤᠨ ᠳᠠᠯᠪᠢᠴᠢᠬᠠᠶᠠ 》 ᠭᠡᠪᠡ ᠃ ᠭᠡᠷᠢᠶᠡᠰᠤ ᠥᠭᠡ ᠨᠢ ᠄
《 ᠨᠢᠭᠡ ᠳᠤ᠂ ᠭᠠᠰᠢᠭᠤᠳᠠᠯ ᠤᠨ ᠶᠠᠪᠣᠳᠠᠯ ᠳᠤ ᠪᠣᠰᠤᠳ ᠤᠨ ᠨᠢᠭᠡ ᠰᠢᠷᠭᠡᠭ᠌ ᠵᠤᠭᠤᠰ ᠢ ᠴᠤ ᠠᠪᠴᠤ ᠪᠣᠯᠬᠤ ᠦᠭᠡᠶ᠃ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠭᠡᠪᠠᠴᠤ ᠰᠠᠢ᠌ᠨ ᠨᠠᠢ᠌ᠵᠠ ᠶᠢᠨ ᠭᠢ ᠶᠢ ᠡᠭᠦᠨ ᠳᠤ ᠪᠠᠭᠳᠠᠭᠠᠬᠤ ᠦᠭᠡᠶ᠃
ᠬᠤᠶᠠᠷ ᠲᠤ᠂ ᠳᠤᠤᠷ᠎ᠠ ᠨᠢ ᠠᠪᠰᠠᠯᠠᠭᠠᠤᠨ ᠪᠣᠯᠠᠵᠤ ᠣᠷᠭᠢ ᠂ ᠶᠠᠪᠣᠳᠠᠯ ᠶᠢᠡᠨ ᠳᠦᠷᠭᠡᠨ ᠪᠠᠷᠠᠭᠠᠭᠠ ︕
ᠭᠤᠷᠪᠠ ᠳᠤ᠂ ᠶᠠᠮᠠᠷᠪᠠ ᠭᠠᠰᠢᠭᠤᠳᠠᠯ ᠳᠤᠷᠠᠰᠬᠠᠯ ᠤᠨ ᠠᠵᠢᠯᠯᠠᠭ᠎ᠠ ᠶᠠᠪᠣᠭᠤᠯᠵᠤ ᠪᠣᠯᠬᠤ ᠦᠭᠡᠶ᠃
ᠳᠦᠷᠪᠡ ᠳᠤ᠂ ᠨᠠᠮᠠᠢ᠌ ᠮᠠᠷᠳᠠᠴᠢᠬ᠎ᠠ ︕ ᠦᠪᠡᠷ ᠤᠨ ᠶᠠᠪᠣᠳᠠᠯ ᠶᠢᠡᠨ ᠪᠣᠳᠤ ᠃ ᠳᠡᠭᠡᠭᠦ ᠦᠭᠡᠶ ᠪᠣᠯ ᠥᠨᠡᠭᠡᠷ ᠵᠥᠨᠦᠭ᠌ ᠠᠮᠢᠳᠠᠨ ᠮᠦᠨ ᠃
ᠳᠠᠪᠣ ᠳᠤ᠂ ᠭᠡᠦᠭᠡᠤᠨ ᠥᠰᠦᠭᠡᠤᠨ ᠳᠦᠭᠦᠭᠡ ᠣᠷᠤᠪᠠᠯ ᠵᠥᠭᠡᠷ ᠰᠢᠭ᠌ ᠠᠵᠢᠯ ᠣᠯᠤᠭᠠᠤᠨ ᠭᠢᠯᠭᠡᠴᠢᠭᠡ ᠃ ᠪᠣᠤ ᠯᠠ ᠬᠤᠭᠤᠰᠤᠨ ᠠᠯᠳᠠᠷ ᠭᠡᠢ ᠨᠢᠳᠠᠷ ᠲᠡᠶ ᠵᠤᠬᠢᠶᠠᠯᠴᠢ ᠣᠷᠯᠢᠭᠴᠢ ᠪᠣᠯᠭ᠎ᠠ ᠃
ᠵᠢᠷᠭᠤᠭ᠎ᠠ ᠳᠤ᠂ ᠥᠭᠡᠷ᠎ᠡ ᠭᠦᠮᠤᠨ ᠴᠢᠮᠠᠳᠤ ᠠᠮᠠᠯᠠᠭᠰᠠᠨ ᠢ ᠪᠣᠤ ᠯᠠ ᠢᠳᠡᠭᠡ ᠃
ᠳᠤᠯᠤᠭ᠎ᠠ ᠳᠤ᠂ ᠪᠣᠰᠤᠳ ᠤᠨ ᠨᠢᠳᠤᠨ ᠳᠤ ᠰᠢᠷᠤᠢ ᠭᠢᠵᠤ ᠪᠠᠢ᠌ᠭᠠᠤᠨ ᠪᠠᠰᠠ ᠡᠰᠡᠷᠭᠦᠴᠡᠨ ᠬᠠᠷᠢᠭᠤᠴᠠᠬᠤ ᠶᠢ ᠵᠥᠪᠰᠢᠶᠡᠷᠡᠳᠡᠭ᠌ ᠦᠭᠡᠶ ᠭᠦᠮᠤᠨ ᠲᠡᠶ ᠭᠡᠵᠢᠶᠡᠳᠡ ᠣᠢ᠌ᠷᠠᠳᠤᠵᠤ ᠪᠣᠯᠬᠤ ᠦᠭᠡᠶ》 ᠭᠡᠵᠤ ᠳᠡᠮᠳᠡᠭᠯᠡᠵᠡᠢ ᠃
ᠯᠤ ᠰᠢᠶᠦ᠋ᠨ ᠪᠠᠭᠰᠢ ᠶᠢᠨ ᠡᠨᠡ ᠭᠡᠷᠢᠶᠡᠰᠤ ᠭᠠᠭᠴᠠᠬᠠᠨ ᠭᠡᠷ ᠪᠦᠯᠢ ᠳᠡᠭᠡᠨ ᠰᠤᠷᠭᠠᠯ ᠳᠠᠳᠤᠢ ᠪᠣᠯᠤᠭᠰᠠᠨ ᠦᠭᠡᠶ᠂ ᠪᠦᠭᠦ ᠭᠦᠮᠤᠨ ᠲᠦᠷᠦᠯᠭᠢᠳᠠᠨ ᠳᠤ ᠴᠤ ᠰᠡᠩᠭᠡᠷᠡᠭᠦᠯᠦᠯ ᠪᠣᠯᠵᠠᠢ ᠃ ᠭᠡᠷᠢᠶᠡᠰᠤ ᠡᠢ᠌ᠮᠤ ᠭᠡᠮᠵᠢᠶᠡᠨ ᠳᠤ ᠭᠦᠷᠦᠭ᠍ᠰᠡᠨ ᠤ ᠬᠣᠢ᠌ᠨ᠎ᠠ ᠭᠡᠳᠥᠢᠨᠡᠢ ᠭᠡᠷ ᠪᠦᠯᠢ ᠶᠢᠨ ᠵᠢᠵᠢᠭ᠌ ᠭᠡᠪᠴᠢᠶᠡᠨ ᠡᠴᠡ ᠳᠠᠪᠠᠵᠤ ᠂ ᠴᠢᠨᠠᠭᠰᠢᠯᠠᠭᠠᠤᠨ ᠣᠯᠤᠰ ᠤᠨ ᠭᠢᠯᠢ ᠶᠢ ᠴᠤ ᠳᠠᠪᠠᠭᠠᠤᠨ ᠭᠦᠮᠤᠨ ᠲᠦᠷᠦᠯᠭᠢᠳᠠᠨ ᠤ ᠣᠶᠤᠨ ᠭᠦᠨᠡᠰᠤ ᠪᠣᠯᠤᠨ ᠬᠠᠳᠠᠭᠠᠯᠠᠭᠳᠠᠬᠤ ᠪᠣᠯᠳᠠᠭ ᠃
ᠭᠡᠷᠢᠶᠡᠰᠤ ᠨᠢ ᠳᠠᠯᠠᠢ᠌ᠭᠴᠢ ᠶᠢᠨ ᠨᠢᠭᠡ ᠪᠠᠳᠠᠭ ᠥᠭᠡ ᠂ ᠨᠢᠭᠡ ᠬᠠᠭᠤᠳᠠᠰᠤ ᠵᠠᠭᠢᠶ᠎ᠠ ᠶᠢᠨ ᠭᠡᠯᠪᠠᠷᠢ ᠪᠠᠷ ᠠᠮᠢᠳᠤ ᠬᠤᠴᠤᠷᠠᠠᠭᠰᠠᠤᠨ ᠲᠤ ᠥᠪᠯᠡᠭ᠍ᠳᠡᠨ ᠥᠯᠡᠳᠡᠭᠦ ᠳᠡᠭᠡᠨ ᠳᠠᠯᠠᠢ᠌ᠭᠴᠢ ᠶᠢᠨ ᠭᠦᠮᠤᠨ ᠮᠦᠰᠤ ᠂ ᠠᠮᠢᠳᠤᠷᠠᠯ ᠤᠨ ᠣᠪᠣᠷ ᠂ ᠭᠦᠰᠡᠯ ᠵᠤᠷᠢᠯᠳᠠ ᠪᠦᠭᠦᠨ ᠢ ᠳᠤᠳᠤᠬᠠᠨ ᠳᠤᠰᠬᠠᠵᠤ ᠪᠠᠢ᠌ᠳᠠᠭ ᠃ ᠳᠠᠯᠠᠢ ᠶᠢᠨ ᠳᠡᠭᠡᠷᠡᠮ ᠂ ᠳᠢᠪ ᠠᠯᠤᠰ ᠳᠤᠨᠤᠭᠠᠴᠢᠤᠨ ᠴᠦᠯᠪᠠᠵᠤ ᠣᠯᠤᠭᠰᠠᠨ ᠡᠳ᠋ ᠡᠷᠳᠡᠨᠢᠰ ᠶᠢᠡᠨ ᠵᠡᠯᠢᠭᠦᠤᠨ ᠠᠷᠠᠯ ᠂ ᠠᠭᠯᠠᠭ ᠠᠭᠤᠯᠠᠨ ᠤ ᠠᠰᠬ᠎ᠠ ᠠᠩᠭ᠋ᠠᠯ ᠳᠤ ᠨᠢᠭᠤᠵᠤ ᠂ ᠦᠷ᠎ᠡ ᠵᠤᠯᠵᠠᠭ᠎ᠠ ᠳᠠᠭᠠᠨ ᠦᠶ᠎ᠡ ᠶᠢᠨ ᠦᠶ᠎ᠡ ᠥᠮᠴᠢᠯᠡᠭᠦᠯᠭᠦ ᠪᠠᠷ ᠣᠨᠢᠰᠤᠭ᠎ᠠ ᠭᠡᠯᠪᠠᠷᠢᠳᠡᠢ ᠭᠡᠷᠢᠶᠡᠰᠤ ᠵᠤᠬᠢᠶᠠᠵᠤ ᠂ ᠡᠰᠡᠭᠦᠯ᠎ᠡ ᠡᠷᠳᠡᠨᠢᠰ ᠨᠢᠭᠤᠭᠰᠠᠨ ᠨᠢᠭᠤᠴᠠᠬᠠᠢ ᠵᠢᠷᠤᠭ ᠵᠢᠷᠤᠭᠠᠤᠨ ᠭᠡᠷᠢᠶᠡᠰᠦᠯᠡᠨᠡ ᠃ ᠡᠨᠡ ᠨᠢᠭᠤᠴᠠ ᠵᠠᠳᠠᠷᠠᠵᠤ ᠨᠡᠢ᠌ᠭᠡᠮ ᠳᠡᠭᠡᠷ᠎ᠡ ᠣᠯᠠᠮᠵᠢᠯᠠᠭᠳᠠᠭᠠᠤᠨ ᠦᠷᠦᠨᠠᠳᠠᠭᠢᠨ ᠳᠤ ᠨᠢᠭᠡᠨ ᠦᠶ᠎ᠡ ᠡᠷᠳᠡᠨᠢᠰ ᠬᠠᠢ᠌ᠬᠤ ᠬᠠᠯᠠᠭᠤᠷᠠᠯ ᠢ ᠠᠪᠴᠢᠷᠠᠭᠰᠠᠨ ᠪᠠᠢ᠌ᠯ᠎ᠠ ᠃ ᠢᠩᠭᠢᠭᠡᠤᠨ ᠺᠢᠨᠣ᠊ ᠂ ᠳᠸᠯᠸᠢᠰ ᠵᠥᠴᠦᠭᠡ ᠂ ᠳᠤᠭᠤᠵᠢ ᠷᠤᠮᠠᠨ ᠳᠤ ᠡᠷᠳᠡᠨᠢ ᠬᠠᠢ᠌ᠭᠰᠠᠨ ᠠᠶᠤᠯ ᠭᠡᠨᠡᠨ ᠂ ᠠᠯᠠᠯᠳᠤᠭᠠᠨ ᠱᠤᠯᠤᠭᠠᠨ ᠶᠢᠡᠷ ᠳᠦᠭᠦᠷᠡᠭ᠍ᠰᠡᠨ ᠣᠷᠠᠨ ᠵᠤᠬᠢᠶᠠᠯ ᠨᠢ ᠨᠢᠭᠡᠨ ᠦᠶ᠎ᠡ ᠰᠤᠶᠤᠯ ᠤᠨ ᠳᠠᠪᠴᠠᠩ ᠳᠤ ᠪᠠᠢ᠌ᠷᠢ ᠠᠪᠣᠭᠰᠠᠨ ᠪᠠᠢ᠌ᠪᠠ ᠃ ᠳᠡᠭᠡᠭᠦ ᠳᠤ᠂ ᠭᠡᠷᠢᠶᠡᠰᠤ ᠨᠢ ᠠᠩᠭ᠋᠎ᠠ ᠭᠡᠦᠭᠡᠤᠨ ᠲᠡᠭᠡᠨ ᠰᠤᠷᠭᠠᠯ ᠳᠠᠳᠤᠢ ᠦᠭᠡᠶ᠂ ᠠᠷᠠᠤᠨ ᠲᠦᠮᠡᠨ ᠳᠤ ᠴᠤ ᠠᠷᠤᠤᠬᠠᠨ ᠳᠠᠭᠤᠷᠢᠶᠠᠯ ᠪᠣᠯᠵᠤ ᠴᠢᠳᠠᠭᠰᠠᠨ ᠪᠠᠢ᠌ᠪᠠᠯ ᠪᠣᠳᠢ ᠮᠤᠳᠤᠨ ᠤ ᠦᠷ᠎ᠡ ᠠᠳᠠᠯᠢ ᠪᠣᠶᠠᠨ ᠤ ᠵᠢᠮᠢᠰ ᠰᠠᠭᠤᠯᠭᠠᠵᠤ ᠬᠠᠷ᠎ᠠ ᠳᠤᠯᠤᠭᠠᠢ᠌ᠳᠠᠨ ᠳᠤ ᠬᠠᠪᠣ ᠵᠢᠷᠭᠠᠯ ᠢ ᠡᠳ᠋ᠯᠡᠭᠦᠯᠵᠤ ᠴᠢᠳᠠᠨ᠎ᠠ ᠃
ᠬᠠᠷᠢᠨ ᠬᠠᠷᠠᠰᠠᠯ ᠵᠠᠨᠤᠯ ᠤᠨ ᠦᠨᠳᠦᠰᠦ ᠬᠠᠤᠠᠬᠤᠵᠤ ᠶᠠᠯ᠎ᠠ ᠭᠢᠯᠢᠠᠴᠠ ᠶᠢᠨ ᠰᠤᠶᠤᠭ᠎ᠠ ᠨᠠᠭᠢᠶᠠᠯᠠᠭᠤᠯᠤᠭᠰᠠᠨ ᠪᠣᠯ ᠭᠦᠮᠤᠨ ᠲᠦᠷᠦᠯᠭᠢᠳᠠᠨ ᠳᠤ ᠭᠦᠨᠦᠭᠡᠯ ᠭᠠᠮᠰᠢᠭ ᠤᠨ 《ᠳᠡᠰᠦᠷᠡᠭ᠍ᠴᠢ ᠪᠦᠮᠪᠦᠭᠡ》 ᠪᠣᠯᠠᠵᠤ ᠳᠠᠯᠪᠢᠭᠰᠠᠨ ᠯᠤᠭ᠎ᠠ ᠠᠳᠠᠯᠢ ᠃ ᠢᠩᠭᠢᠭᠦᠯᠡᠷ ᠭᠡᠷᠢᠶᠡᠰᠤ ᠨᠢ ᠮᠦᠨᠴᠤ 《ᠢᠷᠡᠭᠦ ᠮᠠᠷᠭᠠᠰᠢ》 ᠶᠢᠨ ᠬᠤᠷᠠᠶᠠᠯᠳᠠ ᠳᠤ ᠪᠠᠯᠤᠨᠭᠡᠭ᠍ᠰᠡᠨ 《ᠦᠷ᠎ᠡ ᠦᠨᠳᠦᠰᠦ》 ᠮᠦᠨ ᠪᠢᠯᠠ ︕
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠵᠡᠭᠦᠨ ᠪᠠᠭᠠᠷᠢᠨ ᠤ ᠪᠠᠶᠠᠨ ᠠᠭᠤᠯᠠ ᠣᠷᠠᠨ ᠵᠤᠬᠢᠶᠠᠯ ᠤᠨ ᠬᠠᠮᠳᠤᠯᠢᠭ
ᠵᠤᠬᠢᠶᠠᠭᠴᠢ᠄ ᠨᠤ᠊ · ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6180
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ