ᠨᠡᠪᠲᠡᠷᠡᠨ ᠤᠷᠤᠬᠤ
ᠡᠷᠢᠯᠭᠢᠯᠡᠯ
᠊᠊᠊᠊᠊᠊᠊᠊᠊᠊᠊᠊᠊᠊᠊ ᠬᠡᠦᠬᠡᠳ ᠲᠤ ᠶᠠᠮᠠᠷ ᠭᠦᠮᠦᠵᠢᠯ ᠳᠤᠯᠭᠠᠮ᠎ᠠ ᠪᠣᠯᠤᠭᠠᠤᠨ ᠪᠠᠢ᠌ᠨ᠎ᠠ ᠪᠣᠢ

ᠬᠠᠢ᠌ᠷ᠎ᠠ ᠪᠠᠷ ᠨᠢᠯᠬᠠᠷᠠᠳᠠᠭ ᠬᠤᠷᠸ᠎ᠠ᠂ ᠰᠡᠳᠬᠢᠯᠭᠡ ᠪᠠᠷ ᠴᠠᠯᠭᠢᠳᠠᠭ ᠣᠷᠴᠢᠯᠠᠩ ᠪᠠᠢ᠌ᠵᠤ᠂ ᠭᠦᠮᠤᠨ ᠨᠢ ᠭᠦᠮᠤᠨ ᠤ ᠪᠠᠨ ᠬᠠᠢ᠌ᠷ᠎ᠠ ᠶᠢᠨ ᠭᠦᠴᠤᠨ ᠳᠤ ᠣᠷᠤᠰᠢᠨ ᠣᠷᠤᠭᠰᠢᠯᠠᠳᠠᠭ ᠶ‍ᠢᠷᠳᠢᠠᠴᠤ ᠪᠣᠶᠤ︕

ᠠᠩᠬ᠎ᠠ ᠳᠤᠮᠳᠠᠳᠤ ᠶᠢᠨ ᠭᠢᠴᠢᠶᠠᠯ ᠤᠨ ᠨᠤᠮ ᠳ᠋ᠠᠭᠢ ᠶᠠᠫᠣᠨ ᠣᠯᠤᠰ ᠤᠨ ᠺᠦᠷᠢ ᠶᠤᠰᠢᡁᠢᠷᠠ ᠶᠢᠨ ᠪᠢᠴᠢᠭ᠍ᠰᠡᠨ 《ᠨᠢᠭᠡ ᠠᠶᠠᠭ᠎ᠠ ᠬᠠᠷᠠᠰᠤ ᠮᠢᠠᠳᠤᠵᠠ》 ᠭᠡᠭᠦ ᠥᠭᠦᠯᠡᠯᠭᠡ ᠶᠢ ᠳᠠᠨᠠᠷ ᠮᠢᠨᠢ ᠣᠩᠰᠢᠵᠤ ᠥᠩᠭᠡᠷᠡᠭ᠍ᠰᠡᠨ ᠪᠣᠯᠤᠭᠠᠰᠠᠢ ᠳ᠋ᠠ︕ ᠡᠨᠡ ᠵᠤᠬᠢᠶᠠᠯ ᠢ ᠪᠢ ᠣᠯᠠᠨ ᠣᠳᠠᠭ᠎ᠠ ᠣᠩᠰᠢᠵᠤ ᠪᠠᠢ᠌ᠭ᠎ᠠ ᠪᠦᠭᠡᠳ ᠡᠨᠡ ᠣᠳᠠᠭ᠎ᠠ ᠬᠠᠷᠢᠨ ᠭᠤᠷᠪᠠᠳᠠᠭᠴᠢ ᠣᠳᠠᠭ᠎ᠠ ᠪᠠᠨ ᠵᠢᠭᠠᠵᠤ ᠪᠠᠢ᠌ᠭ᠎ᠠ ᠨᠢ ᠡᠨᠡ ᠶᠤᠮ᠃

ᠶᠠᠮᠠᠷᠪᠠ ᠶᠠᠭᠤᠮᠠᠨ ᠤ ᠠᠩᠬ᠎ᠠ ᠣᠳᠠᠭ᠎ᠠ ᠬᠠᠷᠠᠬᠤ ᠦᠶ᠎ᠡ ᠶᠢᠨ ᠭᠦᠮᠦᠰ ᠲᠤ ᠦᠭ‍ᠭᠦ ᠰᠠᠷᠠᠯᠳᠠ ᠰᠡᠷᠡᠭ᠍ᠳᠡᠯ ᠨᠢ ᠬᠠᠮᠤᠭ ᠤᠨ ᠴᠢᠩᠭ᠎ᠠ ᠭᠦᠴᠦᠳᠡᠢ ᠪᠠᠢ᠌ᠳᠠᠭ ᠤᠨ ᠵᠢᠮ᠎ᠠ ᠪᠠᠷ ᠨᠢᠭᠡ ᠭᠤᠨᠢᠭᠳᠤ ᠵᠥᠴᠦᠭᠡ ᠶᠢ ᠭᠦᠮᠤᠨ ᠠᠩᠬ᠎ᠠ ᠣᠳᠠᠭ᠎ᠠ ᠥᠵᠡᠭᠦ ᠦᠶ᠎ᠡ ᠳᠤ ᠣᠶᠠᠷᠠᠨ ᠬᠠᠢ᠌ᠯᠠᠵᠤ ᠨᠢᠯᠪᠣᠰᠤ ᠣᠨᠠᠭᠠᠳᠠᠭ ᠶᠤᠮ ᠪᠣᠯ ᠬᠤᠶᠠᠷ ᠭᠤᠷᠪᠠᠳᠠᠭᠢ ᠣᠳᠠᠭ᠎ᠠ ᠥᠵᠡᠭᠦ ᠦᠶ᠎ᠡ ᠳᠤ ᠬᠠᠷᠢᠨ ᠳᠠᠮᠠᠢ ᠰᠡᠳᠭᠢᠯ ᠭᠦᠳᠡᠯᠭᠦ ᠪᠠᠨ ᠪᠣᠯᠢᠳᠠᠭ ᠪᠢᠵᠠ ᠳ᠋ᠠ︕ 《ᠨᠢᠭᠡ ᠠᠶᠠᠭ᠎ᠠ ᠬᠠᠷᠠᠰᠤ ᠮᠢᠠᠳᠤᠤᠵᠠ》 ᠪᠣᠯ ᠭᠤᠨᠢᠭᠳᠤ ᠵᠥᠴᠦᠭᠡ ᠪᠢᠰᠢ ᠶᠤᠮ᠃ ᠭᠡᠪᠠᠴᠤ ᠪᠢ ᠳᠡᠭᠦᠨ ᠢ ᠣᠳᠠᠭ᠎ᠠ ᠪᠦᠷᠢ ᠣᠩᠰᠢᠬᠤ ᠪᠣᠯᠭᠠᠨ ᠣᠶᠠᠷᠠᠵᠤ ᠬᠠᠢ᠌ᠯᠠᠬᠤ ᠭᠡᠳ ᠪᠣᠯᠬᠤ ᠦᠭᠡᠶ ᠪᠠᠢ᠌ᠳᠠᠭ ᠶᠤᠮ ᠡ᠃

ᠭᠢᠴᠢᠶᠠᠯ ᠳᠤ ᠪᠢ ᠳᠤᠰ ᠵᠤᠬᠢᠶᠠᠯ ᠤᠨ ᠭᠤᠤᠯᠳᠠᠯᠭ᠎ᠠ ᠪᠣᠯᠬᠤ ᠭᠡᠰᠡᠭ᠌ ᠢ ᠨᠢ ᠰᠤᠩᠭ᠋ᠤᠵᠤ ᠳᠦᠷᠢᠮ ᠣᠩᠰᠢᠯᠭ᠎ᠠ ᠭᠢᠪᠠ᠃ ᠳᠤᠰ ᠭᠡᠰᠡᠭ᠌ ᠡᠭᠢᠯᠡᠭᠦ ᠲᠡᠶ ᠵᠡᠷᠭᠡ ᠵᠤᠬᠢᠶᠠᠯ ᠤᠨ ᠪᠠᠭᠠᠳᠤᠷ ᠡᠭᠡ ᠭᠦᠤ ᠭᠤᠷᠪᠠᠭᠤᠯᠠ ᠶᠢᠨ ᠬᠤᠭᠤᠷᠤᠠᠳᠤᠭᠢ ᠶᠠᠷᠢᠯᠴᠠᠭ᠎ᠠ ᠴᠤ ᠡᠭᠢᠯᠡᠵᠤ᠂ ᠳᠠᠳᠠᠨᠤᠰ ᠤᠨ ᠵᠤᠯ ᠪᠣᠰᠤ ᠣᠴᠠᠷᠠᠯ ᠲᠤᠬᠢᠶᠠᠯ ᠪᠠ ᠭᠦᠴᠢᠷ ᠪᠠᠷᠭᠡ ᠶᠢᠨ ᠡᠮᠤᠨ᠎ᠡ ᠡᠪᠦᠳᠦᠭ᠌ ᠨᠤᠭᠤᠷᠠᠯ ᠦᠭᠡᠶ ᠵᠢᠦᠡᠭᠦᠯ ᠴᠢᠷᠮᠠᠢ᠌ᠯᠭ᠎ᠠ ᠵᠢᠴᠢ ᠭᠢᠵᠠᠭᠠᠯᠠᠰᠢ ᠦᠭᠡᠶ ᠳᠠᠰᠪᠣᠷᠢ ᠬᠠᠳᠠᠭᠤᠵᠢᠯᠳᠠᠢ ᠵᠤᠷᠢᠭ ᠰᠠᠨᠠᠭ᠎ᠠ ᠨᠢ ᠳᠡᠯᠭᠡᠭ᠍ᠳᠡᠭᠡᠳ ᠢᠷᠡᠭᠦ ᠪᠠᠷ ᠡᠷᠭᠡ ᠦᠭᠡᠶ ᠬᠤᠭᠤᠯᠠᠢ ᠮᠢᠨᠢ ᠡᠷᠢᠶᠡᠡᠳᠦᠵᠤ᠂ ᠣᠩᠰᠢᠯᠭ᠎ᠠ ᠮᠢᠨᠢ ᠨᠢᠭᠡᠨᠲᠡ ᠭᠡᠪ ᠤᠨ ᠪᠠᠢ᠌ᠳᠠᠯ ᠶᠢᠡᠨ ᠠᠯᠳᠠᠵᠤ ᠪᠠᠢ᠌ᠭ᠎ᠠ ᠶᠢ ᠪᠢ ᠥᠪᠠᠷᠳᠡᠭᠡᠨ ᠣᠬᠠᠪᠠ᠃ ᠭᠡᠪᠠᠴᠤ ᠪᠢ ᠵᠤᠭᠰᠤᠯ ᠦᠭᠡᠶ ᠣᠩᠰᠢᠵᠤ ᠪᠠᠢ᠌ᠯ᠎ᠠ᠃ ᠳᠠᠳᠠᠨᠤᠰ ᠤᠨ ᠶᠠᠷᠢᠶ᠎ᠠ ᠳᠡᠭᠦᠰᠭᠦ ᠤᠢ᠌ᠷᠠᠳᠴᠤ᠂ 《ᠶᠠᠷᠢᠯᠴᠠᠭ᠎ᠠ ᠶᠢ ᠰᠤᠨᠤᠰᠴᠤ ᠪᠠᠢ᠌ᠭᠰᠠᠨ ᠬᠤᠭᠤᠯᠠᠨ ᠭᠡᠷ ᠤᠨ ᠡᠵᠡᠨ ᠡᠵᠡᠭ᠍ᠳᠡᠢ ᠬᠤᠶᠠᠷ ᠴᠤ ᠭᠡᠵᠢᠶᠡᠨᠡᠢ ᠳᠠᠯᠳᠠ ᠣᠷᠤᠵᠤ᠂ ᠯᠡᠩᠭᠦᠢ ᠶᠢᠨ ᠴᠠᠭᠠᠨ᠎ᠠ ᠨᠢᠭᠤᠭᠳᠠᠨ᠂ ᠨᠢᠭᠡᠨ ᠠᠯᠴᠢᠭᠤᠷ ᠤᠨ ᠬᠤᠶᠠᠷ ᠥᠵᠦᠭᠦᠷ ᠡᠴᠠ ᠳᠠᠮᠵᠢᠯᠠᠨ ᠵᠤᠭᠰᠤᠯ ᠦᠭᠡᠶ ᠣᠷᠤᠰᠬᠤ ᠨᠢᠯᠪᠣᠰᠤ ᠪᠠᠨ ᠠᠷᠴᠢᠵᠤ ᠪᠠᠢ᠌ᠪᠠ》 ᠭᠦᠷᠳᠡᠯ᠎ᠡ ᠣᠩᠰᠢᠭᠠᠤᠨ ᠪᠢ ᠴᠢᠨᠠᠭᠰᠢ ᠣᠩᠰᠢᠵᠤ ᠳᠡᠢ᠌ᠯᠭᠦ ᠪᠠᠨ ᠪᠣᠯᠢᠪᠠ᠃ ᠬᠤᠭᠤᠯᠠᠢ ᠳᠤ ᠮᠢᠨᠢ ᠶᠠᠮᠠᠷ ᠨᠢᠭᠡᠨ ᠶᠠᠭᠤᠮ᠎ᠠ ᠳᠡᠭᠡᠭᠯᠡᠭ᠍ᠳᠡᠭ᠍ᠰᠡᠨ ᠰᠢᠭ᠌ ᠪᠣᠯᠪᠠ᠃ ᠪᠢ ᠡᠨᠡᠭᠦ ᠡᠪ ᠦᠭᠡᠶ ᠪᠠᠢ᠌ᠳᠠᠯ ᠶᠢᠡᠨ ᠮᠡᠳᠡᠭ᠍ᠳᠡᠭᠦ ᠦᠭᠡᠶ ᠶᠢ ᠭᠢᠴᠢᠶᠠᠵᠤ ᠨᠢᠭᠤᠷ ᠪᠣᠷᠤᠭᠤᠯᠠᠵᠤ ᠪᠠᠢ᠌ᠭᠰᠠᠨ ᠴᠤ ᠰᠤᠷᠤᠭᠴᠢᠳ ᠶᠢᠡᠨ ᠰᠡᠮᠡᠭᠡᠷ ᠬᠠᠷᠠᠵᠤ ᠦᠵᠡᠪᠠ᠃ ᠭᠠᠭᠴᠠ ᠬᠤᠶᠠᠷ ᠳᠤᠯᠤᠭᠠᠢ ᠪᠠᠨ ᠪᠦᠭᠦᠢᠨ ᠭᠤᠳᠣᠢ᠌ᠭᠰᠠᠨ ᠢ ᠭᠠᠷᠭᠠᠪᠠᠯ ᠪᠣᠰᠤᠳ ᠨᠢ ᠰᠡᠷᠪᠠᠯᠵᠡᠭᠦ ᠪᠠᠷ ᠶᠢᠡᠨ ᠰᠠᠷᠪᠠᠯᠵᠠᠵᠤ ᠪᠠᠢ᠌ᠨ᠎ᠠ ᠯᠠᠢ︕ ᠪᠢ ᠶᠡᠭᠡ ᠰᠤᠴᠢᠯ᠎ᠠ᠂ ᠶᠠᠷᠤᠨᠢ ᠰᠠᠨᠠᠭᠠᠨ ᠡᠴᠠ ᠭᠠᠳᠠᠭᠤᠷ ᠶᠠᠭᠤᠮ᠎ᠠ ᠪᠣᠯᠤᠭᠰᠠᠨ ᠰᠢᠭ ᠪᠣᠳᠤᠭᠳᠠᠪᠠ᠃ ᠳᠠᠨᠠᠷ ᠮᠢᠨᠢ ᠳᠤᠰ ᠵᠤᠬᠢᠶᠠᠯ ᠢ ᠠᠩᠬ᠎ᠠ ᠣᠳᠠᠭ᠎ᠠ ᠣᠩᠰᠢᠵᠤ ᠪᠠᠢ᠌ᠨ᠎ᠠ ᠰᠢᠤ ᠳ᠋ᠠ᠂ ᠬᠡᠦᠬᠡᠳ ᠤᠳ ᠮᠢᠨᠢ︕ ᠳᠠᠨᠠᠷ ᠤᠨ ᠳᠡᠷᠡᠭᠦ ᠦᠷᠤ ᠡᠪᠠᠦᠡᠭᠦ᠂ ᠬᠠᠢ᠌ᠷᠠᠯᠠᠬᠤ᠂ ᠪᠢᠰᠢᠷᠠᠨ ᠭᠦᠡᠳᠦᠳᠭᠡᠭᠦ ᠰᠠᠢ᠌ᠬᠠᠨ ᠰᠡᠳᠬᠢᠯᠭᠡ ᠴᠢᠨᠢ ᠴᠤᠬᠤᠮ ᠬᠠᠮᠢᠭ᠎ᠠ ᠣᠷᠤᠴᠢᠬᠠᠪᠠ ᠳ᠋ᠠ︖ ᠭᠡᠵᠤ ᠠᠰᠠᠭᠤᠮᠠᠷ ᠪᠣᠳᠤᠭᠳᠠᠯ᠎ᠠ᠃

ᠲ᠋ᠠᠢ᠌ᠰᠠᠨ ᠤ ᠳᠤᠭᠯᠠᠯᠳᠠ ᠶᠢ ᠥᠵᠡᠴᠢᠭᠡᠭᠡᠳ ᠭᠠᠷ ᠠᠯᠠᠭᠠᠳᠠᠯ ᠴᠤ ᠬᠠᠢ᠌ᠷᠠᠯᠠᠳᠠᠭ ᠦᠭᠡᠶ ᠪᠠᠢ᠌ᠳᠠᠭ ᠨᠢ ᠳᠤᠭᠯᠠᠭᠴᠢ ᠶᠢ ᠮᠠᠨᠢ ᠭᠤᠳᠤᠷᠠᠭᠤᠯᠵᠤ ᠣᠭᠢᠯᠠᠭᠤᠯᠮᠠᠷ ᠪᠣᠯᠭᠠᠳᠠᠭ᠂ ᠰᠠᠪᠠᠵᠤ ᠤᠢ᠌ᠴᠢᠭᠰᠠᠨ ᠡᠪᠦᠭᠡᠨ ᠢ ᠥᠵᠡᠴᠢᠭᠡᠭᠡᠳ ᠬᠠᠵᠠᠭᠤ ᠪᠠᠷ ᠨᠢ ᠬᠠᠮᠢᠶ᠎ᠠ ᠴᠤ ᠦᠭᠡᠶ ᠵᠦᠷᠢᠭᠡᠳ ᠯᠠ ᠭᠠᠷᠳᠠᠭ᠂ ᠳᠡᠳᠡᠭᠡᠷ ᠭᠢᠰᠭᠢᠯᠡᠭ᠍ᠳᠡᠭ᠍ᠰᠡᠨ ᠴᠡᠴᠡᠭ᠌ ᠬᠤᠭᠤᠯᠤᠭᠳᠠᠭᠰᠠᠨ ᠮᠦᠴᠢᠷ᠂ ᠡᠪᠳᠡᠷᠭᠡᠢ ᠡᠭᠦᠳᠡ ᠬᠠᠭᠠᠷᠬᠠᠢ ᠴᠤᠩᠬᠤ ᠁   ᠡᠳᠡᠭᠡᠷ ᠢ ᠥᠵᠡᠴᠢᠭᠡᠭᠡᠳ ᠮᠠᠨ ᠤ ᠬᠡᠦᠬᠡᠳ ᠳᠡᠭᠦᠦᠨᠡᠷ ᠶᠠᠮᠠᠷ ᠰᠡᠳᠭᠢᠭ᠍ᠳᠡᠯ ᠴᠤ ᠣᠷᠤᠭᠰᠠᠨ ᠦᠭᠡᠶ ᠪᠠᠢ᠌ᠵᠤ ᠮᠡᠳᠡᠭᠦ ᠶᠤᠮ ᠭᠡᠪᠠᠯ ᠳᠠᠨᠠᠷ ᠢᠳᠡᠭᠡᠨ᠎ᠡ ᠦᠦ︖

ᠲᠤᠢ᠌ᠯ ᠤᠨ ᠭᠦᠢᠳᠡᠮᠰᠦᠭ᠌᠂ ᠬᠤᠪᠢᠠᠴᠢᠷ᠂ ᠬᠠᠷᠢᠯᠴᠠᠬᠤ ᠳᠤᠷ᠎ᠠ ᠦᠭᠡᠶ ᠭᠠᠭᠴᠠᠭᠠᠷᠳᠠᠩᠭ᠋ᠤᠢ᠂ ᠰᠠᠨᠠᠭ᠎ᠠ ᠵᠤᠷᠢᠭ ᠶᠢᠡᠷ᠂ ᠶᠠᠭᠤ ᠪᠦᠭᠦᠨ ᠦᠪᠡᠷ ᠪᠢ ᠪᠠᠷ ᠯᠠ ᠭᠤᠤᠯ ᠪᠤᠯᠬᠤ ᠁   ᠭᠡᠭᠦ ᠦᠵᠡᠯᠳᠠ ᠳᠠᠨᠢᠯᠳᠠ ᠣᠳᠤᠭᠢ ᠬᠡᠦᠬᠡᠳ ᠤᠨ ᠰᠡᠳᠭᠢᠭᠦᠢ ᠶᠢᠨ ᠭᠤᠤᠯ ᠣᠠᠴᠠᠯᠢᠭ ᠪᠣᠯᠤᠭᠠᠤᠨ ᠪᠠᠢ᠌ᠭ᠎ᠠ︕

ᠡᠳᠦᠷ ᠪᠦᠷᠢ ᠬᠡᠦᠬᠡᠳ ᠶᠢᠡᠨ ᠪᠢᠳᠠ ᠵᠠᠭᠤᠨ ᠬᠤᠪᠢ ᠣᠯ ᠭᠡᠵᠤ ᠱᠠᠭᠠᠷᠳᠠᠬᠤ ᠡᠴᠠ ᠭᠠᠳᠠᠨ᠎ᠠ ᠪᠣᠰᠤᠳ ᠶᠠᠭᠤ ᠶᠢ ᠰᠤᠷᠭᠠᠵᠤ ᠭᠦᠮᠦᠵᠢᠭᠦᠯᠭᠦ ᠨᠢ ᠨᠠᠩ ᠴᠢᠬᠤᠯᠠ ᠪᠣᠯᠤᠭᠠᠤᠨ ᠪᠠᠢ᠌ᠨ᠎ᠠ ᠭᠡᠳᠡᠭ᠌ ᠢ ᠮᠠᠨ ᠤ ᠭᠡᠷ ᠤᠨ ᠠᠬᠠᠮᠠᠤᠨ ᠪᠣᠯᠤᠭᠰᠠᠤᠨ ᠮᠢᠨᠢ ᠠᠩᠬᠠᠷᠴᠤ ᠠᠵᠢᠶᠠᠬᠤ ᠪᠣᠯᠤᠭᠠᠰᠠᠢ ᠳ᠋ᠠ︕

ᠡᠨᠡ ᠪᠣᠯ ᠨᠢᠭᠡ ᠶᠤᠰᠤᠨ ᠤ ᠡᠷᠢᠯᠭᠢᠯᠡᠯ ᠶᠤᠮ︕


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ

ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2815
ᠴᠠᠭ᠄ 2011 ᠤᠨ ᠤ 02 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ