☆ ᠣᠢ᠌ᠮᠠᠤᠨ·ᠨᠠᠷᠠᠰᠤ
ᠰᠤᠶᠤᠯᠳᠤ ᠪᠠᠭᠠᠷᠢᠨ ᠳᠤ ᠮᠢᠨᠢ ᠢᠷᠡᠭᠡᠷᠡᠢ
ᠰᠠᠢ᠌ᠬᠠᠨ ᠬᠠᠨ ᠤ ᠪᠠᠷ᠎ᠠ ᠬᠠᠷᠠᠵᠤ
ᠰᠠᠩᠰᠠᠨ ᠪᠣᠷᠤᠭᠠᠨ ᠤ ᠦᠨᠦᠷ ᠠᠪᠴᠤ
ᠰᠤᠶᠤᠯᠳᠤ ᠰᠠᠢ᠌ᠬᠠᠨ ᠪᠠᠭᠠᠷᠢᠨ ᠳᠤ ᠮᠢᠨᠢ
ᠰᠠᠭᠠᠳᠠᠵᠤ ᠢᠷᠡᠭᠡᠷᠡᠢ ᠨᠠᠢ᠌ᠵᠠ ᠨᠡᠷ ᠮᠢᠨᠢ︕
ᠪᠠᠬᠠᠷᠠᠮ᠎ᠠ ᠰᠠᠢ᠌ᠬᠠᠨ ᠨᠤᠳᠤᠭ ᠡᠴᠡ ᠮᠢᠨᠢ
ᠡᠷᠳᠡᠨᠢ ᠶᠢᠨ ᠴᠢᠯᠠᠭᠤ ᠭᠠᠷᠳᠠᠭ ᠰᠢᠤ
ᠢᠮᠠᠭᠠᠳᠤ ᠶᠢᠨ ᠦᠨᠳᠦᠷ ᠠᠭᠤᠯᠠᠨ ᠡᠴᠡ ᠨᠢ
ᠪᠠᠭᠠᠷᠢᠨ ᠳᠡᠨᠢᠭᠡᠷ ᠭᠠᠷᠳᠠᠭ ᠶᠤᠮ᠃
ᠭᠦᠷᠤᠨ ᠨᠠᠷᠠᠳᠤ ᠠᠰᠠᠷ ᠡᠴᠡ ᠨᠢ
ᠥᠯᠢᠭᠡᠷ ᠳᠤᠮᠤᠭ ᠣᠷᠤᠰᠳᠠᠭ ᠶᠤᠮ
ᠨᠠᠷᠠ ᠭᠦᠡᠳᠦᠳᠤ ᠭᠦᠩᠵᠤ ᠵᠢᠨ
ᠳᠤᠷᠠᠳᠬᠠᠯ ᠤᠨ ᠪᠠᠢ᠌ᠰᠢᠩ ᠪᠣᠯᠬᠤ ᠶᠤᠮ᠃
ᠴᠠᠭᠳᠤ ᠠᠰᠠᠷ ᠤᠨ ᠣᠷᠤᠢ ᠳᠤ ᠨᠢ
ᠴᠠᠭᠢᠯᠭᠠᠨ ᠬᠤᠩᠬ᠎ᠠ ᠬᠠᠩᠭᠢᠨᠠᠳᠠᠭ ᠶᠤᠮ
ᠴᠠᠭᠯᠠᠰᠢ ᠦᠭᠡᠶ ᠴᠢᠭᠯᠡᠯ ᠳᠠᠢ
ᠳᠡᠮᠡᠴᠡᠭᠦᠯᠭᠦ ᠭᠦᠴᠤᠨ ᠲᠡᠶ ᠪᠠᠢ᠌ᠳᠠᠭ ᠶᠤᠮ᠃
ᠦᠷᠨᠢᠯ ᠭᠦᠭ᠍ᠵᠢᠯ ᠲᠡᠶ ᠪᠠᠭᠠᠷᠢᠨ ᠮᠢᠨᠢ
ᠮᠤᠩᠭ᠋ᠤᠯ ᠰᠤᠶᠤᠯ ᠤᠨ ᠠᠯᠳᠠᠨ ᠳᠤᠯᠭ᠎ᠠ
ᠥᠭᠡᠷᠡᠴᠢᠯᠡᠯᠳᠡ ᠶᠢᠨ ᠵᠠᠮ ᠶᠢᠡᠷ ᠵᠠᠮᠨᠠᠭᠠ
ᠮᠤᠩᠭ᠋ᠤᠯ ᠨᠤᠳᠤᠭ ᠤᠨ ᠨᠢᠭᠡ ᠪᠢᠯᠠ᠃
ᠣᠭᠢᠯᠠᠵᠤ ᠳᠤᠷᠨᠢᠭᠰᠠᠨ ᠠᠮᠢᠳᠤᠷᠠᠯ ᠤᠨ ᠠᠩᠬᠠᠨ ᠤ ᠬᠤᠷᠸ᠎ᠠ
ᠣᠬᠠᠭᠠᠷᠠᠵᠤ ᠵᠤᠷᠢᠭᠵᠢᠭᠰᠠᠨ ᠰᠡᠳᠭᠢᠯ ᠤᠨ ᠣᠤᠭᠠᠨ ᠭᠦᠪᠴᠢ ᠮᠢᠨᠢ ᠪᠠᠭᠠᠷᠢᠨ
ᠭᠦᠮᠦᠵᠢᠨ ᠪᠣᠢ᠌ᠵᠢᠬᠤ ᠳᠤ ᠭᠦᠷᠦᠰᠦᠳᠤ ᠠᠭᠤᠳᠠᠮ ᠳᠡᠯᠡᠭᠡᠢ
ᠭᠦᠮᠤᠨ ᠪᠣᠯᠬᠤ ᠳᠤ ᠶᠤᠰᠤ ᠳᠠᠨᠢᠬᠤ ᠰᠤᠷᠭᠠᠭᠤᠯᠢ ᠮᠢᠨᠢ ᠪᠠᠭᠠᠷᠢᠨ᠃
ᠮᠤᠩᠭ᠋ᠤᠯ ᠤᠨ ᠦᠷ᠎ᠡ ᠶᠢᠨ ᠥᠯᠦᠭᠡᠢ ᠪᠣᠯᠤᠭᠰᠠᠨ
ᠦᠵᠡᠮᠵᠢᠳᠤ ᠰᠠᠢ᠌ᠬᠠᠨ ᠪᠠᠭᠠᠷᠢᠨ ᠮᠢᠨᠢ
ᠮᠤᠷᠢᠳᠠᠨ ᠵᠠᠶᠠᠭ᠎ᠠ ᠶᠢ ᠠᠳᠬᠤᠵᠤ ᠳᠦᠷᠦᠭ᠍ᠰᠡᠨ
ᠦᠷ᠎ᠡ ᠴᠢᠨᠢ ᠪᠢ ᠳᠠᠨ ᠳᠤ ᠪᠠᠨ ᠬᠠᠢ᠌ᠷᠠᠳᠠᠢ︕
ᠬᠤᠯᠠ ᠶᠢᠨ ᠣᠯᠠᠨ ᠨᠠᠢ᠌ᠵᠠ ᠨᠡᠷ ᠮᠢᠨᠢ
ᠬᠤᠷᠳᠤᠨ ᠮᠤᠷᠢ ᠪᠠᠨ ᠡᠮᠡᠭᠡᠯᠯᠡ ᠳ᠋ᠧ
ᠳᠠᠰᠢᠭᠤᠷ ᠶᠢᠡᠨ ᠳᠦᠷᠭᠡᠨ ᠨᠡᠮᠡᠭᠡᠷᠡᠢ
ᠪᠠᠭᠠᠷᠢᠨ ᠨᠤᠳᠤᠭ ᠲᠤ ᠮᠢᠨᠢ ᠢᠷᠡᠭᠡᠷᠡᠢ︕
ᠰᠠᠢ᠌ᠬᠠᠨ ᠬᠠᠨ ᠤ ᠪᠠᠷ᠎ᠠ ᠬᠠᠷᠠᠵᠤ
ᠰᠠᠩᠰᠠᠨ ᠪᠣᠷᠤᠭᠠᠨ ᠤ ᠦᠨᠦᠷ ᠠᠪᠴᠤ
ᠰᠤᠶᠤᠯᠳᠤ ᠰᠠᠢ᠌ᠬᠠᠨ ᠪᠠᠭᠠᠷᠢᠨ ᠳᠤ ᠮᠢᠨᠢ
ᠰᠠᠭᠠᠳᠠᠵᠤ ᠢᠷᠡᠭᠡᠷᠡᠢ ᠨᠠᠢ᠌ᠵᠠ ᠨᠡᠷ ᠮᠢᠨᠢ︕
ᠵᠤᠬᠢᠶᠠᠭᠴᠢ᠄ ᠣᠢ᠌ᠮᠠᠤᠨ·ᠨᠠᠷᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2009 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ