ᠨᠡᠪᠲᠡᠷᠡᠨ ᠤᠷᠤᠬᠤ
ᠰᠤᠷᠤᠬᠴᠢᠳ ᠤᠨ ᠲᠥᠷᠤᠯᠬᠢ ᠬᠡᠯᠡ ᠪᠡᠨ ᠰᠤᠷᠬᠤ ᠤᠷᠮ᠎ᠡ ᠵᠢ ᠬᠦᠭᠵᠢᠬᠡᠬᠦ ᠲᠤᠬᠠᠢ ᠮᠥᠴᠢᠳ ᠦᠬᠦᠯᠡᠬᠦ ᠨᠢ

ᠴᠠᠭ ᠦᠶ᠎ᠡ ᠶᠢᠨ ᠭᠦᠭ᠍ᠵᠢᠯᠳᠡ᠂ ᠵᠠᠬ᠎ᠠ ᠳᠡᠯᠭᠡᠭᠦᠷ ᠤᠨ ᠠᠵᠤ ᠠᠬᠤᠢ ᠶᠢᠨ ᠳᠦᠷᠢᠯᠳᠠ ᠭᠢᠭᠡᠤᠨ ᠰᠤᠷᠭᠠᠨ ᠭᠦᠮᠦᠵᠢᠯ ᠤᠨ ᠥᠭᠡᠷᠡᠴᠢᠯᠡᠯᠳᠡ ᠶᠢ ᠳᠠᠭᠠᠯᠳᠤᠨ ᠰᠤᠶᠤᠯ ᠰᠤᠷᠭᠠᠨ ᠭᠦᠮᠦᠵᠢᠯ ᠤᠨ ᠣᠢ᠌ᠯᠠᠰ ᠥᠳᠲᠥᠷ ᠳᠦᠷᠭᠡᠨ ᠭᠦᠭ᠍ᠵᠢᠵᠤ ᠰᠢᠨ᠎ᠠ ᠰᠢᠡᠵᠢᠯᠡᠭᠡ ᠮᠡᠷᠭᠡᠵᠢᠯ ᠰᠤᠷᠭᠠᠭᠤᠯᠢ ᠶᠢᠨ ᠭᠦᠷᠢᠶᠡᠨ᠎ᠡ ᠣᠷᠤᠵᠤ᠂ ᠰᠠᠢ᠌ᠨ ᠰᠠᠢ᠌ᠬᠠᠨ ᠭᠦᠭ᠍ᠵᠢᠯ ᠪᠠᠳᠠᠷᠠᠯ ᠤᠨ ᠪᠠᠢ᠌ᠳᠠᠯ ᠢᠯᠠᠷᠠᠵᠠᠢ᠃ ᠭᠡᠶ᠎ᠡ᠂ ᠦᠨᠳᠦᠰᠦᠳᠠᠨ ᠤ ᠣᠷᠤᠨ ᠤ ᠮᠤᠩᠭ᠋ᠤᠯ ᠰᠤᠷᠭᠠᠭᠤᠯᠢ ᠶᠢᠨ ᠪᠠᠢ᠌ᠳᠠᠯ ᠳᠤ ᠮᠦᠨ ᠰᠠᠨᠠᠭ᠎ᠠ ᠪᠣᠯᠤᠭᠤᠰᠢᠳᠠᠢ ᠰᠢᠨ᠎ᠠ ᠥᠵᠡᠭ᠍ᠳᠡᠯ ᠭᠠᠷᠴᠤ ᠪᠠᠢ᠌ᠨ᠎ᠠ᠃ ᠡᠨᠡ ᠭᠦ ᠬᠤᠪᠢᠷᠠᠯᠳᠠ ᠶᠢ ᠣᠢ᠌ᠷ᠎ᠠ ᠶᠢᠨ ᠭᠤᠴᠢᠨ ᠵᠢᠯ ᠤᠨ ᠳᠤᠳᠤᠷᠠᠭᠢ ᠪᠠᠢ᠌ᠳᠠᠯ ᠶᠢᠡᠷ ᠬᠠᠷᠢᠴᠠᠭᠤᠯᠵᠤ ᠦᠵᠡᠪᠠᠯ ᠳᠤᠤᠷᠠᠭᠢ ᠮᠠᠳᠤ《ᠬᠤᠶᠠᠷ ᠪᠠᠭᠤᠷᠠᠯᠳᠠ》ᠬᠠᠷᠠᠭᠳᠠᠵᠤ ᠪᠣᠢ᠃ ᠨᠢᠭᠡ ᠨᠢ ᠮᠤᠩᠭ᠋ᠤᠯ ᠰᠤᠷᠭᠠᠭᠤᠯᠢ ᠪᠠ ᠰᠤᠷᠤᠭᠴᠢ ᠶᠢᠨ ᠳᠤᠭ᠎ᠠ ᠮᠡᠳᠡᠭ᠍ᠳᠡᠮ᠎ᠡ ᠪᠠᠭᠠᠰᠴᠠᠢ᠃ ᠨᠥᠭᠦᠭᠡ ᠨᠢ ᠮᠤᠩᠭ᠋ᠤᠯ ᠰᠤᠷᠤᠭᠴᠢ ᠶᠢᠨ ᠮᠤᠩᠭ᠋ᠤᠯ ᠭᠡᠯᠡᠨ ᠤ ᠭᠢᠷᠢ ᠭᠡᠮᠵᠢᠶ᠎ᠡ ᠮᠡᠳᠡᠭ᠍ᠳᠡᠮ᠎ᠡ ᠳᠤᠷᠤᠭᠰᠢᠯᠠᠵᠠᠢ᠃

ᠰᠤᠷᠭᠠᠭᠤᠯᠢ ᠪᠠ ᠰᠤᠷᠤᠭᠴᠢ ᠶᠢᠨ ᠳᠤᠭ᠎ᠠ ᠪᠠᠭᠠᠰᠴᠤ ᠪᠠᠢ᠌ᠭ᠎ᠠ ᠨᠢ ᠳᠦᠪᠯᠡᠷᠡᠭᠦᠯᠤᠨ ᠡᠷᠭᠢᠯᠡᠭᠦ ᠲᠦᠷᠦ ᠶᠢᠨ ᠪᠣᠳᠤᠯᠭ᠎ᠠ ᠪᠠ ᠳᠦᠯᠦᠪᠯᠡᠭᠡᠳᠤ  ᠦᠷᠠᠵᠢᠯ ᠤᠨ ᠲᠦᠷᠦ ᠶᠢᠨ ᠪᠣᠳᠤᠯᠭ᠎ᠠ ᠲᠡᠶ ᠬᠤᠯᠪᠣᠭ᠎ᠠ ᠲᠡᠶ ᠮᠥᠷᠳᠡᠭᠡᠨ ᠡᠭᠦᠨ ᠡᠴᠡ ᠪᠣᠰᠤᠳ ᠪᠠᠰᠠ ᠨᠢᠭᠡᠨ ᠭᠤᠤᠯ ᠰᠢᠯᠳᠠᠭᠠᠨ ᠭᠡᠪᠠᠯ᠄ ᠨᠠᠯᠢᠶᠠᠤᠨ ᠳᠤᠭᠠᠨ ᠤ ᠮᠤᠩᠭ᠋ᠤᠯ ᠭᠡᠦᠭᠡᠤᠨ ᠭᠢᠳᠠᠤᠨ ᠶᠢᠡᠷ ᠪᠢᠴᠢᠭ᠌ ᠦᠵᠡᠵᠤ ᠪᠠᠢ᠌ᠭ᠎ᠠ ᠲᠡᠶ ᠰᠢᠭᠤᠳ ᠬᠤᠯᠪᠣᠭ᠎ᠠ ᠲᠡᠶ ᠶᠤᠮ ᠪᠠᠢ᠌ᠨ᠎ᠠ᠃ ᠮᠤᠩᠭ᠋ᠤᠯ ᠰᠤᠷᠤᠭᠴᠢ ᠶᠢᠨ ᠳᠤᠭ᠎ᠠ ᠪᠠᠭᠠᠰᠴᠤ ᠪᠠᠢ᠌ᠭ᠎ᠠ ᠪᠠ ᠮᠤᠩᠭ᠋ᠤᠯ ᠭᠡᠯᠡ ᠪᠢᠴᠢᠭ᠌ ᠤᠨ ᠭᠢᠷᠢ ᠭᠡᠮᠵᠢᠶ᠎ᠡ ᠳᠤᠷᠤᠭᠰᠢᠯᠠᠵᠤ ᠪᠠᠢ᠌ᠭ᠎ᠠ ᠶᠢ ᠠᠪᠤᠨ ᠥᠵᠡᠭᠦ ᠳᠤ ᠬᠤᠶᠠᠷ ᠣᠠᠳᠤᠤ ᠣᠴᠢᠷ ᠪᠣᠯᠪᠠᠴᠤ ᠨᠢᠠᠠᠳᠠ ᠠᠵᠢᠭᠯᠠᠪᠠᠯ ᠢᠵᠢᠯ ᠨᠢᠭᠡᠨ ᠰᠢᠯᠳᠠᠭᠠᠨ ᠲᠡᠶ ᠭᠡᠵᠤ ᠪᠢ ᠦᠵᠡᠨ᠎ᠠ᠃ ᠡᠨᠡ ᠨᠢ ᠳᠠᠷᠤᠢ᠄

ᠨᠡᠢ᠌ᠭᠡᠮ ᠤᠨ ᠳᠠᠯ᠎ᠠ ᠡᠴᠡ ᠥᠵᠡᠪᠡᠯ᠄ ᠮᠤᠩᠭ᠋ᠤᠯᠴᠤᠳ (ᠭᠡᠦᠭᠡᠤᠨ ᠪᠠ ᠭᠡᠷ ᠤᠨ ᠠᠬᠠᠮᠠᠤᠨ ᠪᠦᠷ ᠪᠠᠭᠳᠠᠨ᠎ᠠ) ᠪᠣᠰᠤᠳ ᠦᠨᠳᠦᠰᠦᠳᠠᠨ ᠤ ᠰᠤᠶᠤᠯ ᠤᠨ ᠨᠥᠯᠦᠭᠡ᠂ ᠭᠡᠯᠡ ᠶᠢᠨ ᠨᠥᠯᠦᠭᠡ᠂ ᠰᠡᠦᠡᠭᠢᠭᠦᠢ ᠶᠢᠨ ᠨᠥᠯᠦᠭᠡ ᠶᠢ ᠭᠦᠷᠳᠡᠵᠤ ᠪᠠᠢ᠌ᠬᠤ ᠲᠡᠶ ᠬᠤᠯᠪᠣᠭ᠎ᠠ ᠲᠡᠶ᠃ ᠣᠠᠴᠠᠭᠠᠢ᠌ᠯᠠᠨ ᠣᠢ᠌ᠷ᠎ᠠ ᠶᠢᠨ ᠠᠷᠪᠠᠭᠠᠤᠨ ᠵᠢᠯ ᠳᠤ ᠰᠤᠷᠠᠭ ᠵᠠᠩᠭᠢ ᠶᠢᠨ ᠮᠡᠷᠭᠡᠵᠢᠯ  ᠥᠤᠠᠳᠤᠷ ᠭᠦᠭ᠍ᠵᠢᠵᠤ ᠺᠢᠨᠣ᠋  ᠳᠸᠯᠸᠢᠰ᠂ ᠳᠤᠤᠷ ᠰᠦᠯᠵᠢᠶ᠎ᠠ ᠵᠡᠷᠭᠡ ᠡᠴᠡ ᠬᠠᠷᠢ ᠰᠤᠶᠤᠯ᠂ ᠬᠠᠷᠢ ᠭᠡᠯᠡᠨ ᠤ ᠨᠥᠯᠦᠭᠡ ᠶᠢ ᠭᠦᠷᠳᠡᠭᠦ ᠨᠢ ᠨᠠᠩ ᠢᠯᠡᠭᠦᠤ ᠪᠣᠯᠵᠠᠢ᠃

ᠭᠡᠷ ᠪᠦᠯᠢ ᠶᠢᠨ ᠳᠠᠯ᠎ᠠ ᠡᠴᠡ ᠥᠵᠡᠪᠡᠯ᠄ ᠭᠡᠷ ᠤᠨ ᠠᠬᠠᠮᠠᠤᠨ ᠤᠨ ᠦᠨᠳᠦᠰᠦᠳᠠᠨ ᠶᠢᠡᠨ ᠬᠠᠢ᠌ᠷᠠᠯᠠᠬᠤ᠂ ᠭᠦᠡᠳᠦᠦᠡᠭᠡᠭᠦ ᠰᠡᠦᠡᠭᠢᠯᠭᠡ ᠭᠦᠢᠴᠡᠳ ᠪᠣᠰᠤ᠃ ᠨᠠᠯᠢᠶᠠᠤᠨ ᠳᠤᠭᠠᠨ ᠤ ᠭᠡᠷ ᠤᠨ ᠠᠬᠠᠮᠠᠤᠨ (ᠨᠠᠯᠢᠶᠠᠤᠨ ᠳᠤᠭᠠᠨ ᠤ ᠦᠨᠳᠦᠷ ᠵᠡᠷᠭᠡ ᠶᠢᠨ ᠰᠤᠷᠭᠠᠨ ᠭᠦᠮᠦᠵᠢᠯ ᠭᠦᠷᠳᠡᠭ᠍ᠰᠡᠨ ᠮᠤᠩᠭ᠋ᠤᠯ ᠰᠡᠭᠡᠭᠡᠳᠡᠳ ᠪᠠᠭᠳᠠᠨ᠎ᠠ) ᠦᠨᠳᠦᠰᠦᠳᠠᠨ ᠶᠢᠡᠨ ᠭᠤᠯᠤᠬᠤ (ᠡᠰᠡᠭᠦᠯ᠎ᠡ ᠦᠯᠦ ᠬᠠᠢ᠌ᠬᠤᠷᠬᠤ) ᠦᠵᠡᠯᠳᠠ ᠲᠡᠶ ᠪᠠᠢ᠌ᠵᠤ᠂ ᠭᠢᠳᠠᠤᠨ ᠶᠢᠡᠷ ᠰᠤᠷᠪᠠᠯ ᠰᠠᠶ‍ᠢ ᠭᠠᠷᠬᠤ ᠵᠠᠮ ᠥᠷᠭᠡᠨ ᠭᠡᠵᠤ ᠦᠵᠡᠵᠤ ᠪᠠᠢ᠌ᠨ᠎ᠠ᠃ ᠳᠠᠳᠠᠨᠤᠰ《ᠵᠢᠩᠭᠢᠨᠢ ᠦᠨᠳᠦᠰᠦᠳᠠᠨ ᠤ ᠶᠠᠭᠤᠮ᠎ᠠ ᠰᠠᠶ‍ᠢ ᠳᠡᠯᠡᠭᠡᠢ ᠶᠢᠨ ᠶᠠᠭᠤᠮ᠎ᠠ》ᠭᠡᠰᠡᠨ ᠢ ᠭᠦᠩᠭᠡᠪᠴᠢᠯᠡᠵᠡᠢ᠃

ᠰᠤᠷᠭᠠᠭᠤᠯᠢ ᠶᠢᠨ ᠳᠠᠯ᠎ᠠ ᠡᠴᠡ ᠥᠵᠡᠪᠡᠯ᠄ ᠪᠠᠭᠰᠢ ᠨᠡᠷ ᠤᠨ ᠦᠨᠳᠦᠰᠦᠳᠠᠨ ᠤ ᠳᠦᠯᠦᠭᠡ ᠭᠡᠭᠦ ᠰᠠᠨᠠᠭᠠᠰᠢᠷᠠᠯ ᠳᠤᠳᠠᠮᠠᠭ ᠪᠠᠢ᠌ᠬᠤ ᠪᠠ ᠦᠨᠳᠦᠰᠦᠳᠠᠨ ᠤ ᠰᠤᠶᠤᠯ ᠶᠢᠡᠨ ᠣᠯᠠᠮᠵᠢᠯᠠᠬᠤ ᠦᠵᠡᠯᠳᠠ ᠳᠠᠨᠢᠯᠳᠠ᠂ ᠠᠷᠭ᠎ᠠ ᠵᠠᠮ ᠳᠤᠳᠠᠮᠠᠭ ᠪᠠᠢ᠌ᠨ᠎ᠠ᠃ ᠮᠤᠩᠭ᠋ᠤᠯ ᠭᠡᠯᠡ ᠪᠢᠴᠢᠭ᠌ ᠤᠨ ᠪᠠᠭᠰᠢ ᠨᠡᠷ ᠤᠨ ᠵᠢᠭᠠᠨ ᠰᠤᠷᠭᠠᠬᠤ ᠠᠷᠭ᠎ᠠ ᠠᠪᠴᠠᠯ᠂ ᠰᠤᠳᠤᠯᠤᠯ ᠣᠷᠤᠯᠳᠤᠯᠭ᠎ᠠ ᠬᠤᠴᠤᠷᠤᠩᠭ᠋ᠤᠢ ᠪᠠᠢ᠌ᠨ᠎ᠠ᠃

ᠨᠠᠷᠢᠪᠴᠢᠯᠠᠨ ᠦᠵᠡᠪᠠᠯ᠂ ᠣᠳᠤᠬᠠᠨ ᠤ ᠮᠤᠩᠭ᠋ᠤᠯ ᠰᠤᠷᠤᠭᠴᠢᠤᠨ ᠤᠨ ᠮᠤᠩᠭ᠋ᠤᠯ ᠭᠡᠯᠡ ᠪᠠᠨ ᠰᠤᠷᠬᠤ ᠣᠷᠮ᠎ᠠ ᠪᠠᠬ᠎ᠠ ᠳᠤᠤᠷ᠎ᠠ ᠪᠠᠢ᠌ᠭ᠎ᠠ ᠶᠢᠨ ᠭᠤᠤᠯ ᠰᠢᠯᠳᠠᠭᠠᠨ ᠨᠢ ᠭᠡᠷ ᠤᠨ ᠠᠬᠠᠮᠠᠤᠨ ᠭᠢᠭᠡᠤᠨ ᠪᠠᠭᠰᠢ ᠨᠡᠷ ᠲᠤ ᠪᠠᠢ᠌ᠭ᠎ᠠ ᠶᠤᠮ ᠪᠠᠢ᠌ᠨ᠎ᠠ᠃ ᠳᠠᠷᠤᠢ ᠭᠤᠤᠯ ᠬᠠᠷᠢᠭᠤᠴᠠᠯᠭ᠎ᠠ ᠨᠢ ᠭᠡᠦᠭᠡᠤᠨ ᠤᠨ ᠪᠢᠰᠢ᠂ ᠬᠠᠷᠢᠨ ᠳᠤᠮᠤᠴᠤᠤᠯ ᠤᠨ ᠶᠤᠮ᠃ ᠳᠡᠭᠡᠪᠠᠯ ᠳᠤᠤᠷ᠎ᠠ ᠪᠢ ᠰᠤᠷᠭᠠᠭᠤᠯᠢ ᠶᠢᠨ ᠳᠠᠯ᠎ᠠ ᠡᠴᠡ ᠮᠤᠩᠭ᠋ᠤᠯ ᠭᠡᠦᠭᠡᠤᠨ ᠤᠨ ᠮᠤᠩᠭ᠋ᠤᠯ ᠭᠡᠯᠡ ᠰᠤᠶᠤᠯ ᠤᠨ ᠭᠢᠷᠢ ᠭᠡᠮᠵᠢᠶ᠎ᠡ ᠶᠢ ᠭᠡᠷᠭᠢᠨ ᠳᠡᠭᠡᠭ᠍ᠰᠢᠯᠡᠭᠦᠯᠭᠦ ᠳᠤᠬᠠᠢ ᠦᠪᠡᠷ ᠤᠨ ᠠᠪᠴᠤ ᠪᠠᠢ᠌ᠭ᠎ᠠ ᠠᠷᠭ᠎ᠠ ᠠᠪᠴᠠᠯ ᠪᠠ ᠡᠨᠡ ᠳᠤᠬᠠᠢ ᠦᠵᠡᠯᠳᠠ ᠪᠠᠨ ᠳᠠ ᠨᠡᠷ ᠲᠡᠶ ᠪᠠᠨ ᠬᠤᠪᠢᠶᠡᠯᠴᠡᠶ᠎ᠡ᠃

ᠡᠩ ᠳᠡᠷᠢᠭᠦᠨ ᠳᠤ᠂ ᠮᠤᠩᠭ᠋ᠤᠯ ᠰᠤᠷᠤᠭᠴᠢᠤᠨ ᠲᠤ ᠦᠨᠳᠦᠰᠦᠳᠠᠨ ᠶᠢᠡᠨ ᠬᠠᠢ᠌ᠷᠠᠯᠠᠬᠤ ᠰᠡᠦᠡᠭᠢᠯᠭᠡ ᠶᠢ ᠭᠦᠮᠦᠵᠢᠭᠦᠯᠭᠦ ᠴᠢᠬᠤᠯᠠ ᠲᠡᠶ ᠪᠠᠢ᠌ᠨ᠎ᠠ᠃ ᠦᠨᠳᠦᠰᠦᠳᠠᠨ ᠶᠢᠡᠨ ᠬᠠᠢ᠌ᠷᠠᠯᠠᠬᠤ ᠦᠵᠡᠯᠳᠠ ᠶᠢ ᠭᠦᠮᠦᠵᠢᠭᠦᠯᠦᠶ᠎ᠡ ᠭᠡᠵᠤ ᠪᠠᠭᠰᠢ ᠨᠡᠷ ᠪᠠ ᠰᠡᠭᠡᠭᠡᠳᠡᠳ ᠶᠡᠷᠤᠨᠢ ᠣᠷᠢᠶᠠᠯᠠᠵᠤ ᠪᠠᠢ᠌ᠭ᠎ᠠ ᠪᠣᠯᠪᠠᠴᠤ ᠪᠣᠳᠠᠳᠠᠢ ᠭᠠᠷᠳᠠᠵᠤ ᠭᠢᠵᠤ ᠪᠠᠢ᠌ᠭ᠎ᠠ ᠨᠢ ᠴᠥᠭᠡᠨ᠃ ᠡᠰᠡᠭᠦᠯ᠎ᠡ ᠦᠷ᠎ᠡ ᠠᠰᠢᠭ ᠲᠡᠶ ᠠᠷᠭ᠎ᠠ ᠠᠪᠴᠠᠯ ᠴᠥᠭᠡᠨ ᠭᠡᠵᠤ ᠭᠡᠯᠡᠵᠤ ᠪᠣᠯᠤᠨ᠎ᠠ᠃《ᠮᠤᠩᠭ᠋ᠤᠯ ᠭᠦᠮᠤᠨ》 ᠭᠡᠭ᠍ᠰᠡᠭᠡᠷ ᠳᠡᠯᠡᠭᠡᠢ ᠨᠠᠢ᠌ᠳᠠ ᠪᠠᠷ ᠶᠢᠡᠨ《ᠴᠢᠩᠭᠢᠰ ᠬᠠᠭᠠᠨ》 ᠢ ᠪᠣᠳᠤᠵᠤ ᠣᠯᠳᠠᠭ᠃ ᠴᠢᠩᠭᠢᠰ ᠬᠠᠭᠠᠨ ᠭᠡᠭ᠍ᠰᠡᠭᠡᠷ ᠳᠡᠯᠡᠭᠡᠢ ᠨᠠᠢ᠌ᠳᠠ ᠪᠠᠷ ᠶᠢᠡᠨ 13 ᠳ᠋ᠤᠭᠠᠷ ᠵᠠᠭᠤᠨ ᠢ ᠯᠠ ᠪᠣᠳᠤᠵᠤ ᠣᠯᠳᠠᠭ᠃ ᠡᠭᠦᠨ ᠤ ᠵᠡᠷᠭᠡᠪᠠᠷ ᠮᠤᠷᠢᠨ ᠨᠢᠷᠤᠭᠤᠨ ᠳᠤ ᠠᠽᠢᠶ᠎ᠠ ᠡᠸᠥ᠋ᠷᠦᠫᠡ ᠶᠢ ᠳᠤᠭᠳᠠᠭᠠᠭᠰᠠᠨ ᠪᠠᠭᠠᠳᠤᠷ ᠦᠨᠳᠦᠰᠦᠳᠠᠨ ᠭᠡᠵᠤ ᠮᠠᠭᠳᠠᠵᠠᠭᠠᠳᠠᠭ᠃ ᠭᠡᠳᠡᠯ᠎ᠡ᠂ ᠡᠨᠡ ᠭᠦ ᠪᠠᠭᠠᠳᠤᠷ ᠦᠨᠳᠦᠰᠦᠳᠠᠨ ᠨᠢ ᠵᠥᠪᠭᠡᠨ《ᠪᠠᠶ᠎ᠠ ᠪᠠᠭᠠᠳᠤᠷ》ᠳᠠᠳᠤᠢ ᠯᠠ ᠪᠢᠰᠢ《ᠪᠢᠯᠢᠭ᠌ ᠨᠠᠩ ᠬᠤᠷᠴᠡ》 ᠭᠡᠳᠡᠭ᠌ ᠢ ᠣᠯᠠᠩᠭᠢ ᠭᠦᠮᠦᠰ ᠣᠮᠳᠤᠭᠠᠢ᠌ᠯᠠᠵᠤ ᠪᠠᠢ᠌ᠨ᠎ᠠ᠃ ᠭᠡᠳᠤᠨ ᠳᠢᠪ ᠢ ᠰᠤᠠᠳᠠᠯᠠᠭᠰᠠᠨ ᠣᠯᠤᠰ ᠢ ᠪᠠᠢ᠌ᠭᠤᠯᠤᠭᠰᠠᠨ ᠡᠨᠡ ᠭᠦ ᠦᠨᠳᠦᠰᠦᠳᠠᠨ ᠳᠤ ᠣᠬᠤᠴᠢᠯᠠᠭᠠᠤᠨ ᠪᠠᠷᠠᠰᠢ ᠦᠭᠡᠶ ᠳᠤᠮᠤ ᠣᠶᠤᠨ ᠣᠬᠠᠭᠠᠨ ᠭᠢᠭᠡᠤᠨ ᠰᠤᠶᠤᠯ ᠤᠨ ᠭᠦᠴᠤᠨ ᠨᠢᠭᠤᠭᠳᠠᠵᠤ ᠪᠠᠢ᠌ᠨ᠎ᠠ ᠭᠡᠳᠡᠭ᠌ ᠢ ᠣᠮᠳᠤᠭᠠᠢ᠌ᠯᠠᠵᠤ ᠪᠠᠢ᠌ᠨ᠎ᠠ᠃ ᠡᠢ᠌ᠮᠤ ᠡᠴᠡ ᠮᠤᠩᠭ᠋ᠤᠯ ᠰᠤᠶᠤᠯ ᠤᠨ ᠡᠴᠢᠨ᠎ᠡ ᠭᠦᠨ ᠢ ᠠᠭᠤᠳᠠᠯᠠᠬᠤ ᠨᠢ ᠰᠤᠷᠤᠭᠴᠢᠤᠨ ᠲᠤ ᠠᠪᠴᠤ ᠭᠡᠯᠡᠪᠠᠯ ᠣᠮᠤᠭᠰᠢᠯ ᠲᠡᠶ᠂ ᠰᠤᠨᠢᠷᠬᠠᠯ ᠲᠡᠶ ᠣᠴᠢᠷ ᠪᠣᠯᠬᠤ ᠶᠤᠮ᠃ ᠰᠤᠷᠤᠭᠴᠢᠤᠨ ᠤᠨ ᠳᠤᠷ᠎ᠠ ᠪᠠᠬ᠎ᠠ ᠶᠢ ᠥᠨᠡᠩᠭᠦ ᠳᠠᠳᠠᠵᠤ ᠳᠡᠢ᠌ᠯᠳᠡᠭ᠌ ᠶᠤᠮ ᠪᠣᠯ ᠰᠤᠷᠭᠠᠵᠤ ᠳᠡᠢ᠌ᠯᠭᠦ ᠦᠭᠡᠶ ᠭᠡᠵᠤ ᠵᠤᠪᠠᠬᠤ ᠭᠠᠵᠠᠷ ᠠᠯᠠᠭ᠎ᠠ᠃

ᠳᠠᠷᠠᠭ᠎ᠠ ᠳ᠋ᠤᠨᠢ᠂ ᠮᠤᠩᠭ᠋ᠤᠯ ᠭᠡᠯᠡ ᠰᠤᠶᠤᠯ ᠶᠢᠡᠨ ᠳᠡᠯᠭᠡᠷᠡᠭᠦᠯᠤᠨ ᠣᠷᠮᠠᠰᠢᠭᠤᠯᠬᠤ ᠪᠣᠳᠠᠳᠤ ᠠᠷᠭ᠎ᠠ ᠠᠪᠴᠠᠯ ᠪᠠᠢ᠌ᠬᠤ ᠭᠡᠷᠡᠭ᠍ᠳᠡᠢ᠃ ᠦᠪᠡᠷ ᠤᠨ ᠮᠦᠴᠢᠳ  ᠰᠠᠨᠠᠯ ᠶᠢᠡᠨ ᠳᠤᠷᠠᠳᠤᠪᠠᠯ :

ᠰᠤᠷᠭᠠᠭᠤᠯᠢ ᠶᠢᠨ ᠭᠦᠷᠢᠶ᠎ᠡ ᠶᠢᠨ ᠣᠷᠴᠢᠨ ᠳᠤᠭᠤᠷᠢᠨ ᠶᠢᠡᠨ ᠦᠨᠳᠦᠰᠦᠳᠠᠨ ᠤ ᠣᠠᠴᠠᠯᠢᠭ ᠢᠯᠠ ᠳᠤᠳᠤ ᠪᠠᠢ᠌ᠯᠭᠠᠬᠤ᠃ ᠦᠨᠳᠦᠰᠦᠳᠠᠨ ᠪᠣᠯᠭᠠᠨ ᠦᠪᠡᠷᠮᠢᠴᠠ ᠣᠠᠴᠠᠯᠢᠭ ᠪᠠᠢ᠌ᠳᠠᠭ ᠪᠦᠭᠡᠤᠨ ᠳᠡᠭᠦᠨ ᠶᠢᠡᠨ ᠢᠯᠡᠷᠡᠭᠦᠯᠤᠨ ᠳᠡᠯᠭᠡᠷᠡᠭᠦᠯᠭᠦ ᠶᠢ ᠣᠯᠤᠰ ᠡᠴᠡ ᠬᠤᠷᠢᠭᠯᠠᠳᠠᠭ ᠦᠭᠡᠶ᠂ ᠬᠠᠷᠢᠨ ᠳᠡᠮᠵᠢᠳᠡᠭ᠌᠃ ᠭᠡᠷ ᠪᠠᠷᠢᠯᠭ᠎ᠠ ᠡᠴᠡ ᠡᠭᠢᠯᠡᠭᠡᠤᠨ ᠠᠩᠭᠢ ᠶᠢᠨ ᠭᠡᠷ ᠤᠨ ᠳᠤᠳᠤᠨ᠎ᠠ ᠭᠠᠳᠠᠨ᠎ᠠ᠂ ᠥᠵᠡᠭᠦᠯᠦᠯᠭᠡ ᠶᠢᠨ ᠰᠠᠮᠪᠠᠷ᠎ᠠ᠂ ᠣᠷᠢᠶ᠎ᠠ ᠯᠤᠤᠽᠤᠩ᠂ ᠬᠤᠪᠴᠠᠰᠤ ᠵᠠᠰᠠᠯ ᠭᠦᠷᠳᠡᠯ᠎ᠡ ᠪᠦᠷ ᠮᠤᠩᠭ᠋ᠤᠯ ᠣᠠᠴᠠᠯᠢᠭ ᠶᠢᠡᠨ ᠪᠦᠷᠢᠨ ᠢᠯᠡᠷᠡᠭᠦᠯᠪᠠᠯ ᠵᠤᠭᠢᠨ᠎ᠠ᠃

ᠪᠠᠭᠰᠢ ᠰᠤᠷᠤᠭᠴᠢ ᠶᠢᠨ ᠭᠡᠯᠡ ᠭᠡᠯᠡᠯᠭᠡ ᠴᠤᠯ ᠮᠤᠩᠭ᠋ᠤᠯ ᠪᠠᠢ᠌ᠬᠤ ᠶᠢ ᠱᠠᠭᠠᠷᠳᠠᠵᠤ ᠪᠠᠭᠰᠢ ᠰᠤᠷᠤᠭᠴᠢ ᠶᠢᠨ ᠳᠤᠮᠳᠠ ᠦᠨᠳᠦᠰᠦᠳᠠᠨ ᠤ ᠭᠡᠯᠡ ᠰᠤᠶᠤᠯ ᠶᠢᠡᠨ ᠭᠦᠡᠳᠦᠦᠡᠭᠡᠵᠤ ᠭᠦᠭ᠍ᠵᠢᠭᠦᠯᠭᠦ ᠠᠭᠤᠷ ᠠᠮᠢᠰᠬᠤᠯ ᠢ ᠥᠳᠭᠡᠨ ᠪᠣᠯᠭᠠᠬᠤ ᠬᠡᠷᠡᠭᠳᠡᠢ᠃

ᠰᠤᠷᠭᠠᠭᠤᠯᠢ ᠶᠢᠨ ᠭᠦᠷᠢᠶᠡᠨ ᠤ ᠰᠤᠶᠤᠯ ᠤᠨ ᠪᠦᠳᠦᠭᠡᠨ ᠪᠠᠢ᠌ᠭᠤᠯᠤᠯᠳᠠ ᠳᠤ ᠮᠤᠩᠭ᠋ᠤᠯ ᠷᠠᠳᠢᠣ᠋  ᠨᠡᠪᠳᠡᠷᠡᠭᠦᠯᠭᠡ᠂ ᠰᠤᠨᠢᠨ᠂ ᠰᠢᠯᠦᠭ᠌ ᠵᠤᠬᠢᠶᠠᠯ ᠤᠨ ᠣᠷᠤᠯᠳᠤᠭᠠᠨ ᠢᠯᠡᠭᠦᠤ ᠡᠷᠭᠢᠯᠡᠨ ᠶᠠᠪᠣᠬᠳᠡᠭᠤᠯᠪᠡᠯ ᠵᠤᠬᠢᠨ᠎ᠡ᠃

ᠦᠨᠳᠦᠰᠦᠳᠠᠨ ᠤ ᠰᠤᠶᠤᠯ ᠤᠨ ᠬᠠᠮᠢᠶ᠎ᠠ  ᠪᠥᠬᠥᠢ ᠰᠤᠷᠭᠠᠭᠠᠤᠯᠢ ᠶᠢᠨ ᠵᠢᠭᠠᠬᠤ ᠮᠠᠲ᠋ᠸᠷᠢᠶᠠᠯ ᠵᠤᠬᠢᠶᠠᠨ ᠨᠠᠢ᠌ᠷᠠᠭᠤᠯᠵᠤ ᠡᠢ᠌ᠮᠦᠷᠭᠦ ᠭᠢᠴᠢᠶᠡᠯᠯᠡᠭᠡ ᠨᠡᠭᠡᠭᠡᠵᠤ ᠪᠣᠯᠤᠨ᠎ᠠ᠃ ᠡᠢ᠌ᠮᠦᠷᠭᠦ ᠵᠢᠭᠠᠬᠤ ᠮᠠᠲ᠋ᠸᠷᠢᠶᠠᠯ ᠳᠤ ᠣᠷᠤᠭᠤᠯᠬᠤ ᠴᠢᠬᠤᠯᠠᠳᠠᠢ ᠠᠭᠤᠯᠭ᠎ᠠ ᠶᠢᠨ ᠳᠤᠬᠠᠢ ᠮᠢᠨᠤ ᠰᠠᠨᠠᠯ ᠪᠣᠯ :

ᠮᠤᠩᠭ᠋ᠤᠯ ᠦᠨᠳᠦᠰᠦᠳᠠᠨ ᠤ ᠡᠭᠡ ᠪᠠᠢ᠌ᠭᠠᠯᠢ ᠲᠡᠶ ᠡᠶ᠎ᠡ ᠵᠤᠭᠢᠴᠠᠯᠳᠤᠨ ᠠᠮᠢᠳᠤᠷᠠᠳᠠᠭ ᠣᠵᠤᠭᠤᠷ ᠰᠤᠶᠤᠯ᠂ ᠮᠤᠩᠭ᠋ᠤᠯᠴᠤᠳ ᠤᠨ ᠦᠪᠡᠷᠮᠢᠴᠠ ᠭᠡᠷ ᠤᠨ ᠰᠤᠷᠭᠠᠯ ᠂ ᠮᠤᠩᠭ᠋ᠤᠯ ᠠᠮᠢᠳᠤᠷᠠᠯ ᠠᠬᠤᠢ᠂ ᠵᠠᠩ ᠵᠠᠩᠰᠢᠯ ᠳ᠋ᠠᠭᠢ ᠣᠯᠠᠮᠵᠢᠯᠠᠭᠤᠰᠢᠳᠠᠢ ᠳᠠᠪᠠᠭᠤᠯᠢᠭ ᠵᠣᠢ᠌ᠯ ᠊᠊᠊᠊᠊᠊ ᠭᠠᠯ ᠤᠨ ᠠᠶᠤᠯ ᠂ ᠭᠠᠵᠠᠷ ᠭᠦᠳᠡᠯᠦᠯᠳᠡ ᠡᠴᠡ ᠠᠶᠤᠳᠠᠭ ᠦᠭᠡᠶ ᠮᠤᠩᠭ᠋ᠤᠯ ᠭᠡᠷ᠂ ᠰᠢᠮ᠎ᠠ ᠳᠡᠵᠢᠭᠡᠯ ᠰᠠᠢ᠌ᠳᠠᠢ ᠮᠥᠷᠳᠡᠭᠡᠨ ᠡᠪᠠᠦᠡᠴᠢᠨ ᠳᠠᠬᠤᠯ ᠵᠠᠰᠠᠵᠤ ᠳᠡᠢ᠌ᠯᠳᠡᠭ᠌ ᠴᠠᠭᠠᠨ ᠢᠳᠡᠭᠡᠨ ᠁ ᠵᠡᠷᠭᠡ ᠶᠢ ᠰᠢᠭᠤᠳ ᠳᠡᠯᠭᠡᠨ ᠥᠵᠡᠭᠦᠯᠵᠤ ᠪᠣᠯᠤᠨ᠎ᠠ᠃ ᠮᠥᠨ ᠴᠤ᠂ ᠳᠡᠯᠡᠭᠡᠢ ᠳᠤ ᠠᠯᠳᠠᠷᠳᠠᠢ ᠶᠠᠰᠤ ᠪᠠᠷᠢᠬᠤ ᠮᠡᠷᠭᠡᠵᠢᠯ ᠢ ᠪᠠᠭᠳᠠᠭᠠᠭᠰᠠᠨ ᠮᠤᠩᠭ᠋ᠤᠯ ᠡᠮ ᠡᠮᠨᠡᠯᠭᠡ ᠁ ᠭᠡᠭᠦ ᠵᠡᠷᠬᠡ ᠵᠢ ᠤᠬᠠᠭᠤᠯᠤᠨ ᠰᠤᠷᠳᠡᠯᠴᠢᠯᠡᠵᠤ ᠪᠤᠯᠤᠨ᠎ᠡ᠃

ᠭᠤᠳᠠᠭᠠᠷ ᠲᠤ᠂ ᠮᠤᠩᠭ᠋ᠤᠯ ᠭᠡᠯᠡ ᠪᠢᠴᠢᠭ᠌ ᠤᠨ ᠪᠠᠭᠰᠢ ᠶᠢ ᠰᠢᠯᠢᠳᠡᠭ᠌ ᠡᠴᠡ ᠰᠢᠯᠢᠳᠡᠭ᠌ ᠢ ᠨᠢ ᠰᠤᠩᠭ᠋ᠤᠵᠤ ᠵᠢᠭᠠᠬᠤ ᠠᠷᠭ᠎ᠠ᠂ ᠭᠢᠴᠢᠶᠡᠯᠯᠡᠭᠡ ᠶᠢᠨ ᠭᠡᠯᠪᠠᠷᠢ ᠳᠤ ᠵᠤᠷᠢᠭᠳᠠᠢ ᠥᠭᠡᠷᠡᠴᠢᠯᠡᠯᠳᠡ ᠭᠢᠵᠤ ᠰᠤᠷᠤᠭᠴᠢ ᠶᠢᠨ ᠣᠷᠮ᠎ᠠ ᠪᠠᠬ᠎ᠠ ᠶᠢ ᠳᠠᠳᠠᠬᠤ ᠭᠡᠷᠡᠭ᠍ᠳᠡᠢ᠃ ᠰᠢᠨ᠎ᠠ ᠮᠡᠷᠭᠡᠵᠢᠯ᠂ ᠺᠤᠮᠫᠢᠤᠢᠲ᠋ᠸᠷ᠂ ᠳᠤᠤᠷ ᠰᠦᠯᠵᠢᠶ᠎ᠠ ᠵᠡᠷᠭᠡ ᠶᠢ ᠮᠤᠩᠭ᠋ᠤᠯ ᠭᠡᠯᠡᠨ ᠤ ᠭᠢᠴᠢᠶᠠᠯ ᠳᠤ ᠭᠦᠢᠴᠡᠳ ᠭᠡᠷᠡᠭᠯᠡᠵᠤ᠂ ᠣᠢ᠌ᠯᠠᠳᠤᠯ ᠢ ᠨᠢ ᠰᠠᠢ᠌ᠳᠤᠷ ᠪᠠᠳᠠᠷᠠᠭᠤᠯᠬᠤ ᠴᠢᠬᠤᠯᠠᠳᠠᠢ᠃ ᠪᠠᠭᠰᠢ ᠰᠤᠷᠤᠭᠴᠢ ᠪᠦᠭᠦᠨ ᠺᠤᠮᠫᠢᠦ᠋ᠲ᠋ᠸᠷ᠂ ᠮᠤᠩᠭ᠋ᠤᠯ ᠰᠦᠯᠵᠢᠶ᠎ᠠ ᠶᠢ ᠪᠣᠯᠪᠠᠰᠤᠷᠠᠩᠭ᠋ᠤᠢ ᠠᠰᠢᠭᠯᠠᠵᠤ ᠴᠢᠳᠠᠬᠤ ᠭᠢᠷᠢ ᠭᠡᠮᠵᠢᠶ᠎ᠡ ᠪᠠ ᠳᠠᠤᠠᠬᠠᠯ ᠲᠡᠶ ᠪᠣᠯᠬᠤ ᠴᠢᠬᠤᠯᠠᠳᠠᠢ᠃  ᠡᠨᠡ ᠳᠠᠯ᠎ᠠ ᠪᠠᠷ ᠮᠤᠩᠭ᠋ᠤᠯᠴᠤᠳ ᠣᠳᠤ ᠳᠠᠭᠠᠨ ᠪᠠᠭ᠎ᠠ ᠬᠤᠴᠤᠷᠤᠩᠭ᠋ᠤᠢ ᠪᠠᠢ᠌ᠬᠤ ᠪᠣᠯᠪᠠᠴᠤ ᠭᠦᠭᠡᠭᠡᠵᠤ ᠭᠦᠢᠴᠡᠭᠦ ᠨᠥᠭᠦᠴᠡᠯ ᠪᠦᠷᠢᠨ ᠪᠣᠢ᠃

ᠳᠥᠷᠪᠡ ᠳᠤ᠂ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠶᠢᠨ ᠰᠦᠯᠵᠢᠶ᠎ᠠ ᠶᠢ ᠪᠠᠢ᠌ᠭᠤᠯᠵᠤ ᠰᠤᠷᠭᠠᠭᠤᠯᠢ ᠨᠤᠭᠤᠳ ᠤᠨ ᠬᠤᠭᠤᠷᠤᠠᠳᠤ᠂ ᠵᠡᠭᠦᠨ ᠪᠠᠷᠠᠭᠤᠨ ᠣᠷᠤᠨ ᠤ ᠬᠤᠭᠤᠷᠤᠠᠳᠤ᠂ ᠬᠤᠳᠠ ᠭᠦᠳᠡᠭᠡ ᠶᠢᠨ ᠬᠤᠭᠤᠷᠤᠠᠳᠤᠭᠢ ᠵᠢᠭᠠᠨ ᠰᠤᠷᠭᠠᠯᠳᠡ ᠵᠢᠨ ᠰᠤᠯᠢᠯᠴᠠᠭ᠎ᠠ ᠶᠢ ᠠᠭᠢᠭᠤᠯᠬᠤ ᠴᠢᠬᠤᠯᠠᠳᠠᠢ᠃ ᠲᠦᠷᠦᠯᠭᠢ ᠭᠡᠯᠡ ᠶᠢᠨ ᠭᠦᠭ᠍ᠵᠢᠯᠳᠡ ᠶᠢᠨ ᠳᠦᠯᠦᠭᠡ ᠰᠠᠨᠠᠭᠠᠰᠢᠷᠠᠨ ᠰᠠᠤᠠᠭᠢᠵᠤ ᠵᠤᠭᠢᠰᠳᠠᠢ ᠪᠦᠳᠦᠮᠵᠢᠳᠡᠢ ᠠᠷᠭ᠎ᠠ ᠣᠬᠠᠭᠠᠨ ᠰᠤᠪᠢᠵᠤ ᠪᠠᠢ᠌ᠭ᠎ᠠ ᠡᠷᠳᠡᠮᠳᠡᠳ ᠪᠠᠰᠠ ᠮᠤᠩ ᠦᠭᠡᠶ᠂ ᠳᠠᠪᠠᠭᠤᠯᠢᠭ ᠶᠢᠡᠨ ᠴᠠᠭ ᠳᠤᠬᠠᠢ ᠳ᠋ᠤᠨᠢ ᠰᠤᠯᠢᠯᠴᠠᠵᠤ ᠬᠠᠮᠳᠤᠪᠠᠷ ᠵᠦᠪᠯᠠᠪᠠᠯ᠂ ᠤᠯᠠᠨ ᠤ ᠭᠦᠴᠤᠨ ᠳᠤ ᠣᠪᠣᠭ᠎ᠠ ᠭᠦᠳᠦᠯᠦᠭ᠍ᠳᠡᠭᠦ ᠨᠢ ᠯᠠᠪᠳᠠᠢ᠃

ᠶᠡᠷᠦᠩᠭᠡᠢ᠌ᠯᠡᠭᠪᠡᠯ᠂ ᠠᠴᠢᠯᠠᠯ ᠲᠡᠶ ᠭᠡᠦᠭᠡᠤᠨ ᠡᠭᠡ ᠪᠠᠨ ᠭᠤᠯᠤᠬᠤ ᠦᠭᠡᠶ᠂ ᠡᠭᠡ ᠪᠠᠨ ᠭᠤᠯᠤᠬᠤ ᠦᠭᠡᠶ ᠭᠡᠦᠭᠡᠤᠨ ᠦᠨᠳᠦᠰᠦᠳᠠᠨ ᠶᠢᠡᠨ ᠭᠤᠯᠤᠬᠤ ᠦᠭᠡᠶ᠃ ᠦᠨᠳᠦᠰᠦᠳᠠᠨ ᠤ ᠮᠠᠠᠳᠤᠯ ᠭᠦᠭ᠍ᠵᠢᠯ ᠳᠤ ᠰᠠᠨᠠᠭᠠᠰᠢᠷᠠᠵᠤ ᠪᠦᠭᠦᠢ ᠭᠦᠮᠤᠨ ᠪᠣᠯᠭᠠᠨ ᠦᠪᠡᠷ ᠤᠨ ᠬᠣᠢ᠌ᠴᠢ ᠦᠶ᠎ᠡ ᠶᠢᠨ ᠭᠢᠨ ᠳᠡᠭᠡᠨ ᠦᠨᠡᠠᠴᠢ ᠪᠦᠭᠡᠤᠨ ᠭᠤᠶᠠᠴᠢ ᠦᠭᠡᠶ ᠪᠠᠢ᠌ᠵᠤ ᠣᠶᠤᠨ ᠳᠠᠷᠢᠭᠢ ᠪᠠᠨ ᠰᠢᠪᠬᠠᠨ ᠠᠭᠤᠰᠭᠢ ᠵᠢᠷᠦᠭᠡ ᠪᠠᠨ ᠠᠭᠤᠳᠠᠯᠯᠡᠵᠤ ᠦᠨᠳᠦᠰᠦ ᠣᠭᠰᠠᠭ᠎ᠠ ᠪᠠᠨ ᠮᠠᠠᠳᠤᠭᠤᠯᠬᠤ ᠣᠢ᠌ᠯᠠᠰ ᠢ ᠡᠷᠡᠰ ᠳᠠᠰᠤᠷᠠᠬᠠᠢ ᠡᠭᠦᠷᠭᠡᠯᠡᠭᠦ ᠭᠡᠷᠡᠭ᠍ᠳᠡᠢ᠃ ᠲᠦᠷᠦᠯᠭᠢ ᠭᠡᠯᠡ ᠪᠠᠷ ᠶᠢᠡᠨ ᠰᠤᠷᠴᠤ ᠳᠡᠯᠡᠭᠡᠢ ᠳᠤ ᠨᠠᠷᠠᠳᠠᠢ ᠡᠷᠳᠡᠮᠳᠡᠨ ᠪᠣᠯᠤᠭᠰᠠᠨ ᠰᠢᠭᠤᠷᠭᠠᠨ᠂ ᠪᠠ᠊ · ᠭᠡᠷᠡᠯᠳᠤ᠂ ᠸᠠᠩ ᠪᠠᠭᠠᠳᠤᠷ ᠨᠡᠷ ᠰᠢᠭ ᠦᠨᠳᠦᠰᠦᠳᠠᠨ ᠳᠡᠭᠡᠨ ᠥᠩᠭᠡ ᠭᠡᠷᠡᠯ ᠢ ᠨᠠᠮᠠᠷᠢᠯᠠᠵᠤ ᠪᠠᠢ᠌ᠭ᠎ᠠ ᠰᠢᠠᠳᠠᠰᠤ ᠬᠠᠳᠠᠭᠤ ᠮᠤᠩᠭ᠋ᠤᠯ ᠡᠷ᠎ᠡ ᠰᠢᠨ᠎ᠠ ᠴᠠᠭ ᠦᠶ᠎ᠡ ᠳᠤ ᠪᠠᠰᠠ ᠢᠯᠡᠷᠡᠭ᠍ᠰᠡᠭᠡᠷ ᠪᠠᠢ᠌ᠭ᠎ᠠ ᠶᠢ ᠳᠤᠳᠤᠷᠠᠬᠠᠢ ᠮᠡᠳᠡᠭᠦᠯᠵᠤ᠂ ᠬᠣᠢ᠌ᠰᠢᠳᠠ ᠨᠠᠩ ᠣᠯᠠᠨ ᠴᠤᠯᠭᠤᠷᠠᠨ ᠭᠠᠷᠬᠤ ᠢᠳᠡᠭᠡᠯ ᠭᠦᠰᠡᠯ ᠢ ᠭᠡᠦᠭᠡᠤᠨ ᠪᠣᠯᠭᠠᠨ ᠳᠤ ᠢᠳᠡᠭᠡᠭᠦᠯᠭᠦ ᠴᠢᠬᠤᠯᠠᠳᠠᠢ ᠪᠠᠢ᠌ᠨ᠎ᠡ᠃


ᠵᠤᠬᠢᠶᠡᠬᠴᠢ ᠵᠢᠨ ᠬᠠᠶ‍ᠢᠭ᠄ ᠵᠠᠷᠤᠳ ᠬᠤᠰᠢᠭᠤᠨ ᠤ ᠭᠡᠷᠴᠢᠯᠡᠭᠤ ᠰᠤᠷᠭᠠᠭᠤᠯᠢ

ᠵᠤᠬᠢᠶᠠᠭᠴᠢ᠄ ᠦᠨᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 14417
ᠴᠠᠭ᠄ 2015 ᠤᠨ ᠤ 02 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ